1. ᠶᠠᠭᠤ ᠵᠢ ᠬᠤᠳᠠᠯᠳᠤᠭ᠋ᠠᠨ᠎ᠤ ᠨᠢᠭᠤᠴᠠ ᠪᠠ ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ ᠭᠡᠬᠦ ᠪᠤᠢ?
《ᠵᠦᠶ ᠪᠤᠰᠤ ᠥᠷᠢᠰᠥᠯᠳᠦᠭᠡᠨ᠎ᠢ ᠡᠰᠡᠷᠭᠦᠴᠡᠬᠦ ᠬᠠᠤᠯᠢ》 ᠵᠢ ᠦᠨᠳᠦᠰᠦᠯᠡᠪᠡᠯ᠂ ᠬᠤᠳᠠᠯᠳᠤᠭ᠋ᠠᠨ᠎ᠤ ᠨᠢᠭᠤᠴᠠ ᠭᠡᠳᠡᠭ ᠪᠣᠯ ᠨᠡᠶ᠋ᠢᠭᠡᠮ ᠨᠡᠶ᠋ᠢᠲᠡ᠎ᠳᠤ ᠮᠡᠳᠡᠭᠦᠯᠦᠭᠡᠳᠦᠢ᠂ ᠡᠷᠬᠡᠲᠦ ᠬᠥᠮᠦᠨ᠎ᠳᠤ ᠠᠵᠤ ᠠᠬᠤᠶ ᠵᠢᠨ ᠠᠰᠢᠭ ᠲᠤᠰᠠ ᠣᠯᠭᠣᠵᠤ᠂ ᠪᠣᠳᠠᠲᠤ ᠬᠡᠷᠡᠭᠯᠡᠭᠡᠨ᠎ᠤ ᠴᠢᠨᠠᠷᠲᠠᠢ ᠪᠠᠶ᠋ᠢᠳᠠᠭ ᠪᠥᠭᠡᠳ ᠡᠷᠬᠡᠲᠦ ᠬᠥᠮᠦᠨ᠎ᠠᠴᠠ ᠨᠢᠭᠡᠨᠲᠡ ᠨᠢᠭᠤᠴᠠ ᠵᠢ ᠬᠠᠮᠠᠭ᠋ᠠᠯᠠᠬᠤ ᠠᠷᠭ᠎ᠠ ᠬᠡᠮᠵᠢᠶ᠎ᠡ ᠠᠪᠤᠭᠰᠠᠨ ᠮᠡᠷᠭᠡᠵᠢᠯ᠎ᠤᠨ ᠮᠡᠳᠡᠭᠡ ᠵᠠᠩᠭᠢ ᠪᠠ ᠡᠵᠡᠩᠨᠡᠯᠲᠡ ᠵᠢᠨ ᠮᠡᠳᠡᠭᠡ ᠵᠠᠩᠭᠢ ᠵᠢ ᠵᠢᠭ᠋ᠠᠵᠤ ᠪᠠᠶ᠋ᠢᠨ᠎ᠠ᠃ ᠬᠤᠳᠠᠯᠳᠤᠭ᠋ᠠᠨ᠎ᠤ ᠨᠢᠭᠤᠴᠠ ᠵᠢ ᠪᠦᠷᠢᠯᠳᠦᠭᠦᠯᠬᠦ᠎ᠳᠤ ᠭᠤᠷᠪᠠᠨ ᠨᠦᠭᠦᠴᠡᠯ ᠪᠤᠢ᠄ ᠨᠢᠭᠡ᠎ᠳᠤ᠂ ᠲᠤᠰ ᠮᠡᠳᠡᠭᠡ ᠵᠠᠩᠭᠢ ᠵᠢ ᠤᠯᠡᠠ ᠨᠡᠶ᠋ᠢᠲᠡ᠎ᠳᠤ ᠮᠡᠳᠡᠭᠦᠯᠬᠦ ᠦᠭᠡᠢ᠂ ᠲᠤᠬᠠᠶ᠋ᠢᠯᠠᠪᠠᠯ ᠲᠤᠰ ᠮᠡᠳᠡᠭᠡ ᠵᠠᠩᠭᠢ ᠵᠢ ᠢᠯᠠ᠎ᠪᠠᠷ ᠰᠢᠭᠤᠳ ᠣᠯᠵᠤ ᠮᠡᠳᠡᠬᠦ ᠦᠭᠡᠢ ᠶᠤᠮ᠃ ᠬᠣᠶᠠᠷ᠎ᠲᠤ᠂ ᠲᠤᠰ ᠮᠡᠳᠡᠭᠡ ᠵᠠᠩᠭᠢ᠎ᠨᠢ ᠡᠷᠬᠡᠲᠦ ᠬᠥᠮᠦᠨ᠎ᠳᠤ ᠠᠵᠤ ᠠᠬᠤᠶ ᠵᠢᠨ ᠠᠰᠢᠭ ᠲᠤᠰᠠ ᠣᠯᠭᠣᠵᠤ ᠴᠢᠳᠠᠬᠤ ᠪᠣᠳᠠᠲᠤ ᠬᠡᠷᠡᠭᠯᠡᠭᠡᠨ᠎ᠤ ᠴᠢᠨᠠᠷᠲᠠᠢ᠃ ᠭᠤᠷᠪᠠ᠎ᠳᠤ᠂ ᠡᠷᠬᠡᠲᠦ ᠬᠥᠮᠦᠨ ᠲᠤᠰ ᠮᠡᠳᠡᠭᠡ ᠵᠠᠩᠭᠢ ᠵᠢᠨ ᠨᠢᠭᠤᠴᠠ ᠵᠢ ᠬᠠᠮᠠᠭ᠋ᠠᠯᠠᠬᠤ ᠠᠷᠭ᠎ᠠ ᠬᠡᠮᠵᠢᠶ᠎ᠡ ᠠᠪᠤᠭᠰᠠᠨ ᠪᠠᠢ᠌ᠳᠠᠭ᠃ ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ ᠭᠡᠳᠡᠭ᠎ᠨᠢ ᠬᠤᠳᠠᠯᠳᠤᠭ᠋ᠠᠨ᠎ᠤ ᠨᠢᠭᠤᠴᠠ ᠵᠢᠨ ᠥᠮᠴᠢᠯᠡᠭᠴᠢ ᠪᠠ ᠬᠤᠳᠠᠯᠳᠤᠭ᠋ᠠᠨ᠎ᠤ ᠨᠢᠭᠤᠴᠠ ᠵᠢᠨ ᠥᠮᠴᠢᠯᠡᠭᠴᠢ ᠵᠢᠨ ᠵᠥᠪᠰᠢᠶᠡᠷᠡᠯ᠎ᠢ ᠣᠯᠣᠭᠰᠠᠨ ᠬᠤᠳᠠᠯᠳᠤᠭ᠋ᠠᠨ᠎ᠤ ᠨᠢᠭᠤᠴᠠ ᠵᠢᠨ ᠠᠰᠢᠭᠯᠠᠭᠴᠢ ᠵᠢ ᠵᠢᠭ᠋ᠠᠵᠤ ᠪᠠᠶ᠋ᠢᠨ᠎ᠠ᠃
2. ᠬᠤᠳᠠᠯᠳᠤᠭ᠋ᠠᠨ᠎ᠤ ᠨᠢᠭᠤᠴᠠ᠎ᠳᠤ ᠬᠠᠯᠳᠠᠪᠠᠯ ᠶᠠᠮᠠᠷ ᠰᠠᠯᠠᠭ᠎ᠠ ᠮᠥᠴᠢᠷ᠎ᠠᠴᠠ ᠰᠢᠶᠳᠪᠦᠷᠢᠯᠡᠬᠦ ᠪᠤᠢ?
ᠬᠤᠳᠠᠯᠳᠤᠭ᠋ᠠᠨ᠎ᠤ ᠨᠢᠭᠤᠴᠠ᠎ᠳᠤ ᠬᠠᠯᠳᠠᠬᠤ ᠦᠢ᠍ᠯᠡ ᠠᠵᠢᠯᠯᠠᠭ᠎ᠠ ᠬᠢᠭᠰᠡᠨ ᠪᠠᠶ᠋ᠢᠪᠠᠯ ᠰᠢᠶᠠᠨ᠎ᠤ ᠱᠠᠲᠤᠨ᠎ᠠᠴᠠ ᠳᠡᠭᠡᠭᠰᠢᠬᠢ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠪᠠᠶ᠋ᠢᠭᠤᠯᠭ᠎ᠠ ᠬᠢᠨᠠᠨ ᠲᠣᠭᠲᠠᠭ᠋ᠠᠵᠤ ᠰᠢᠢ᠍ᠳᠪᠦᠷᠢᠯᠡᠨ᠎ᠡ᠃
3. ᠮᠠᠨ᠎ᠤ ᠤᠯᠤᠰ᠎ᠤᠨ ᠬᠤᠳᠠᠯᠳᠤᠭ᠋ᠠᠨ᠎ᠤ ᠨᠢᠭᠤᠴᠠ ᠵᠢ ᠬᠠᠮᠠᠭ᠋ᠠᠯᠠᠬᠤ᠎ᠳᠤ ᠭᠣᠣᠯᠳᠠᠭᠤ ᠶᠠᠮᠠᠷ ᠶᠠᠮᠠᠷ ᠬᠠᠤᠯᠢ ᠴᠠᠭ᠋ᠠᠵᠠ ᠳᠦᠷᠢᠮ ᠲᠣᠭᠲᠠᠭ᠋ᠠᠯ᠎ᠲᠠᠢ ᠪᠤᠢ?
(ᠨᠢᠭᠡ) 《ᠵᠦᠶ ᠪᠤᠰᠤ ᠥᠷᠢᠰᠥᠯᠳᠦᠭᠡᠨ᠎ᠢ ᠡᠰᠡᠷᠭᠦᠴᠡᠬᠦ ᠬᠠᠤᠯᠢ》;
(ᠬᠣᠶᠠᠷ) 《ᠬᠤᠳᠠᠯᠳᠤᠭ᠋ᠠᠨ᠎ᠤ ᠨᠢᠭᠤᠴᠠ᠎ᠳᠤ ᠬᠠᠯᠳᠠᠬᠤ ᠠᠵᠢᠯᠯᠠᠭ᠎ᠠ ᠵᠢ ᠬᠤᠷᠢᠭᠯᠠᠬᠤ ᠬᠠᠮᠢᠶ᠎ᠠ ᠪᠦᠬᠦᠢ ᠲᠤᠬᠠᠶ ᠲᠣᠭᠲᠠᠭ᠋ᠠᠯ᠎ᠤᠳ》᠃
4. ᠶᠠᠮᠠᠷ ᠶᠠᠮᠠᠷ ᠦᠢ᠍ᠯᠡ ᠠᠵᠢᠯᠯᠠᠭ᠎ᠠ ᠵᠢ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠠᠵᠢᠯᠯᠠᠭ᠎ᠠ᠎ᠪᠠᠷ ᠲᠣᠭ᠋ᠠᠴᠢᠭᠳᠠᠬᠤ ᠪᠤᠶ?
(ᠨᠢᠭᠡ) ᠬᠤᠳᠠᠯᠳᠤᠭ᠋ᠠᠨ᠎ᠤ ᠨᠢᠭᠤᠴᠠ ᠵᠢ ᠬᠠᠤᠯᠢ ᠪᠤᠰᠤ᠎ᠪᠠᠷ ᠣᠯᠤᠭᠰᠠᠨ᠃ ᠡᠭᠦᠨ᠎ᠳᠤ ᠬᠤᠯᠠᠭ᠋ᠠᠶ᠋ᠢᠯᠠᠬᠤ᠂ ᠠᠰᠢᠭ ᠵᠶ᠋ᠠᠷ ᠲᠠᠲᠠᠬᠤ᠂ ᠠᠯᠪᠡᠳᠡᠠ ᠰᠦᠷᠳᠡᠭᠦᠯᠬᠦ ᠪᠤᠶᠤ ᠪᠤᠰᠤᠳ ᠵᠦᠢ᠍ᠯ᠎ᠤᠨ ᠲᠥᠪ ᠪᠤᠰᠤ ᠠᠷᠭ᠎ᠠ᠎ᠪᠠᠷ ᠡᠷᠬᠡᠲᠦ ᠬᠥᠮᠦᠨ᠎ᠤ ᠬᠤᠳᠠᠯᠳᠤᠭ᠋ᠠᠨ᠎ᠤ ᠨᠢᠭᠤᠴᠠ ᠵᠢ ᠤᠯᠬᠤ᠃
(ᠬᠣᠶᠠᠷ) ᠵᠠᠳᠠᠷᠠᠭᠤᠯᠬᠤ᠂ ᠬᠡᠷᠡᠭᠯᠡᠬᠦ ᠪᠤᠶᠤ ᠪᠤᠰᠤᠳ ᠬᠠᠤᠯᠢ ᠪᠤᠰᠤ᠎ᠪᠠᠷ ᠣᠯᠤᠭᠰᠠᠨ ᠡᠷᠬᠡ᠎ᠳᠦ ᠭᠦᠮᠦᠨ᠎ᠤ ᠬᠤᠳᠠᠯᠳᠤᠭ᠋ᠠᠨ᠎ᠤ ᠨᠢᠭᠤᠴᠠ ᠵᠢ ᠬᠡᠷᠡᠭᠯᠡᠬᠦ ᠵᠢ ᠵᠥᠪᠰᠢᠶᠡᠷᠡᠬᠦ᠃
(ᠭᠤᠷᠪᠠ) ᠬᠠᠤᠯᠢ ᠶᠣᠰᠣᠨ᠎ᠤ ᠬᠤᠳᠠᠯᠳᠤᠭ᠋ᠠᠨ᠎ᠤ ᠨᠢᠭᠤᠴᠠ ᠵᠢ ᠡᠵᠡᠮᠰᠢᠵᠦ ᠪᠠᠶ᠋ᠢᠭ᠎ᠠ ᠬᠥᠮᠦᠨ ᠭᠡᠷ᠎ᠡ᠎ᠠᠴᠠ᠎ᠪᠠᠨ ᠵᠥᠷᠢᠴᠡᠬᠦ ᠪᠤᠶᠤ ᠬᠤᠳᠠᠯᠳᠤᠭ᠋ᠠᠨ᠎ᠤ ᠨᠢᠭᠤᠴᠠ ᠵᠢ ᠵᠢᠷᠤᠮᠯᠠᠨ ᠰᠠᠬᠢᠬᠤ ᠡᠷᠬᠡᠲᠦ ᠬᠥᠮᠦᠨ᠎ᠤ ᠱᠠᠭ᠋ᠠᠷᠳᠠᠯᠭ᠎ᠠ ᠵᠢ ᠵᠥᠷᠢᠴᠡᠵᠦ᠂ ᠵᠠᠳᠠᠷᠠᠭᠤᠯᠬᠤ᠂ ᠠᠰᠢᠭᠯᠠᠭᠰᠠᠨ ᠪᠤᠶᠤ ᠪᠤᠰᠤᠳ᠎ᠲᠤ ᠠᠰᠢᠭᠯᠠᠭᠤᠯᠬᠤ ᠵᠢ ᠵᠥᠪᠰᠢᠶᠡᠷᠡᠭᠰᠡᠨ; ᠡᠵᠡᠮᠰᠢᠵᠦ ᠪᠦᠬᠦᠢ ᠬᠤᠳᠠᠯᠳᠤᠭ᠋ᠠᠨ᠎ᠤ ᠨᠢᠭᠤᠴᠠ ᠵᠢ ᠭᠤᠷᠪᠠᠳᠠᠬᠢ ᠬᠥᠮᠦᠨ ᠲᠣᠳᠣᠷᠬᠠᠶ ᠮᠡᠳᠡᠬᠦ ᠪᠤᠶᠤ ᠮᠡᠳᠡᠬᠦ ᠶᠣᠰᠣᠲᠠᠶ ᠪᠠᠶ᠋ᠢᠭ᠋ᠠᠳ᠂ ᠳᠡᠭᠡᠷ᠎ᠡ ᠳᠤᠷᠠᠳᠤᠭᠰᠠᠨ ᠬᠠᠤᠯᠢ ᠳᠤᠭᠲᠠᠭ᠋ᠠᠯᠢ ᠵᠥᠷᠢᠴᠡᠭᠰᠡᠨ ᠠᠵᠢᠯᠯᠠᠭ᠎ᠠ ᠵᠢ ᠬᠢᠵᠦ᠂ ᠪᠤᠰᠤᠳ᠎ᠤᠨ ᠬᠤᠳᠠᠯᠳᠤᠭ᠋ᠠᠨ᠎ᠤ ᠨᠢᠭᠤᠴᠠ ᠵᠢ ᠠᠰᠢᠭᠯᠠᠭᠰᠠᠨ ᠪᠤᠶᠤ ᠵᠠᠳᠠᠷᠠᠭᠤᠯᠤᠭᠰᠠᠨ ᠪᠠᠶ᠋ᠢᠪᠠᠯ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ᠎ᠳᠤ ᠳᠤᠭ᠋ᠠᠴᠢᠭᠳᠠᠨᠠ᠃
5. ᠬᠤᠳᠠᠯᠳᠤᠭ᠋ᠠᠨ᠎ᠤ ᠨᠢᠭᠤᠴᠠ ᠬᠣᠬᠢᠷᠠᠯ᠎ᠳᠤ ᠤᠴᠠᠷᠠᠪᠠᠯ ᠶᠠᠮᠠᠷ ᠠᠷᠭ᠎ᠠ᠎ᠪᠠᠷ ᠡᠷᠬᠡ᠎ᠪᠠᠨ ᠬᠠᠮᠠᠭ᠋ᠠᠯᠠᠬᠤ ᠪᠤᠶ?
(ᠨᠢᠭᠡ) ᠡᠷᠬᠡᠲᠦ ᠬᠥᠮᠦᠨ᠎ᠤ ᠬᠤᠳᠠᠯᠳᠤᠭ᠋ᠠᠨ᠎ᠤ ᠨᠢᠭᠤᠴᠠ᠎ᠨᠢ ᠬᠣᠬᠢᠷᠠᠯ᠎ᠳᠤ ᠤᠴᠠᠷᠠᠭᠰᠠᠨ ᠪᠠᠢ᠌ᠪᠠᠯ᠂ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠪᠠᠶ᠋ᠢᠭᠤᠯᠭ᠎ᠠ᠎ᠳᠤ ᠡᠷᠭᠦᠳᠡᠯ ᠭᠠᠷᠭ᠋ᠠᠨ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠵᠢ ᠪᠠᠢ᠍ᠴᠠᠭ᠋ᠠᠨ ᠰᠢᠢ᠍ᠳᠪᠦᠷᠢᠯᠡᠭᠦᠯᠵᠦ ᠪᠣᠯᠤᠨ᠎ᠠ;
(ᠬᠣᠶᠠᠷ) ᠡᠷᠬᠡᠲᠦ ᠬᠥᠮᠦᠨ᠎ᠠᠴᠠ ᠬᠣᠬᠢᠷᠠᠯ᠎ᠢ ᠲᠦᠯᠦᠬᠦ ᠠᠰᠠᠭᠤᠳᠠᠯ᠎ᠢ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠪᠠᠶ᠋ᠢᠭᠤᠯᠭ᠎ᠠ᠎ᠳᠤ ᠱᠠᠭ᠋ᠠᠷᠳᠠᠯᠭ᠎ᠠ ᠳᠤᠷᠠᠳᠤᠨ ᠡᠶᠡᠳᠦᠭᠦᠯᠵᠦ ᠪᠣᠯᠤᠨ᠎ᠠ᠃
(ᠭᠤᠷᠪᠠ) ᠡᠷᠬᠡᠲᠦ ᠬᠥᠮᠦᠨ ᠠᠷᠠᠳ᠎ᠤᠨ ᠰᠢᠭᠦᠬᠦ ᠬᠣᠷᠢᠶᠠᠨ᠎ᠳᠤ ᠰᠢᠭᠤᠳ ᠵᠠᠭ᠋ᠠᠯᠳᠤᠵᠤ᠂ ᠬᠤᠷᠬᠢᠷᠠᠯ ᠵᠶ᠋ᠠᠨ ᠲᠦᠯᠦᠭᠦᠯᠬᠦ᠎ᠪᠠᠷ ᠭᠤᠶᠤᠴᠢᠯᠠᠨ᠎ᠠ᠃
(ᠲᠦᠷᠪᠡ) ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶᠠᠨ᠎ᠳᠤ ᠰᠢᠭᠤᠳ ᠡᠷᠡᠭᠦᠦ ᠵᠢᠨ ᠵᠠᠷᠭᠤ᠎ᠪᠠᠷ ᠵᠠᠭ᠋ᠠᠯᠳᠤᠵᠤ ᠪᠣᠯᠤᠨ᠎ᠠ᠃
(ᠲᠠᠪᠤ) ᠮᠡᠳᠡᠯᠭᠡ ᠵᠢᠨ ᠥᠮᠴᠢᠯᠡᠯ᠎ᠤᠨ ᠡᠷᠬᠡ ᠵᠢ ᠬᠠᠮᠠᠭ᠋ᠠᠯᠠᠵᠤ ᠢᠯᠡᠴᠢᠯᠡᠨ ᠮᠡᠳᠡᠭᠦᠯᠵᠦ ᠵᠠᠭ᠋ᠠᠯᠳᠣᠬᠤ ᠦᠢ᠍ᠯᠡᠴᠢᠯᠡᠭᠡᠨ᠎ᠤ ᠲᠥᠪ᠎ᠤᠨ <12312> ᠤᠳᠠᠰᠤ᠎ᠪᠠᠷ ᠵᠠᠭ᠋ᠠᠯᠳᠤᠵᠤ ᠪᠣᠯᠤᠨ᠎ᠠ᠃
6. ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠬᠡᠷᠡᠴᠢ ᠦᠵᠡᠭᠦᠯᠬᠦ ᠬᠠᠷᠢᠭᠤᠴᠠᠯᠭ᠎ᠠ ᠵᠢ ᠬᠡᠷᠬᠢᠨ ᠲᠣᠭᠲᠠᠭ᠋ᠠᠭᠰᠠᠨ ᠪᠤᠢ?
ᠤᠯᠤᠰ᠎ᠤᠨ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠶᠡᠷᠦᠩᠬᠡᠶ ᠲᠣᠪᠴᠢᠶ᠎ᠠ ᠵᠢᠨ 《ᠬᠤᠳᠠᠯᠳᠤᠭ᠋ᠠᠨ᠎ᠤ ᠨᠢᠭᠤᠴᠠ᠎ᠳᠤ ᠬᠠᠯᠳᠠᠬᠤ ᠠᠵᠢᠯᠯᠠᠭ᠎ᠠ ᠵᠢ ᠬᠤᠷᠢᠭᠯᠠᠬᠤ ᠬᠠᠮᠢᠶ᠎ᠠ ᠪᠦᠬᠦᠢ ᠲᠣᠭᠲᠠᠭ᠋ᠠᠯ᠎ᠤᠳ》᠎ᠢ ᠦᠨᠳᠦᠰᠦᠯᠡᠪᠡᠯ᠂ ᠡᠷᠬᠡᠲᠦ ᠬᠥᠮᠦᠨ ᠬᠤᠳᠠᠯᠳᠤᠭ᠋ᠠᠨ᠎ᠤ ᠨᠢᠭᠤᠴᠠ᠎ᠨᠢ ᠬᠣᠬᠢᠷᠠᠯ᠎ᠳᠤ ᠤᠴᠠᠷᠠᠭᠰᠠᠨ ᠭᠡᠵᠦ ᠦᠵᠡᠪᠡᠯ᠂ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠪᠠᠶ᠋ᠢᠭᠤᠯᠭ᠎ᠠ᠎ᠳᠤ ᠡᠷᠭᠦᠳᠡᠯ ᠭᠠᠷᠭ᠋ᠠᠨ ᠪᠠᠶ᠋ᠢᠴᠠᠭ᠋ᠠᠨ ᠰᠢᠶᠳᠪᠦᠷᠢᠯᠡᠬᠦᠯᠬᠦᠳᠤᠪᠠᠨ᠂ ᠬᠤᠳᠠᠯᠳᠤᠭ᠋ᠠᠨ᠎ᠤ ᠨᠢᠭᠤᠴᠠ ᠵᠢᠴᠢ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠵᠢᠨ ᠭᠡᠷᠡᠴᠢ ᠪᠠᠷᠢᠮᠲᠠ ᠬᠠᠩᠭ᠋ᠠᠵᠤ ᠥᠭᠬᠦ ᠬᠡᠷᠡᠭᠲᠡᠶ᠃ ᠡᠭᠦᠨ᠎ᠳᠤ ᠭᠤᠶᠤᠴᠢᠯᠠᠭᠳᠠᠭᠴᠢ ᠵᠢᠨ ᠬᠡᠷᠡᠭᠯᠡᠵᠦ ᠪᠠᠶ᠋ᠢᠭ᠎ᠠ ᠪᠦᠬᠦᠢ᠌ᠯᠡ ᠮᠡᠳᠡᠭᠡ ᠵᠠᠩᠭᠢ ᠪᠠ ᠭᠤᠶᠤᠴᠢᠯᠠᠭᠴᠢ ᠵᠢᠨ ᠬᠤᠳᠠᠯᠳᠤᠭ᠋ᠠᠨ᠎ᠤ ᠨᠢᠭᠤᠴᠠ ᠵᠢᠨ ᠨᠢᠭᠡᠳᠦᠯᠲᠦ ᠴᠢᠨᠠᠷ ᠪᠤᠶᠤ ᠠᠳᠠᠯᠢᠪᠲᠤᠷ ᠴᠢᠨᠠᠷ᠎ᠢ ᠭᠡᠷᠡᠴᠢᠯᠡᠬᠦ; ᠭᠤᠶᠤᠴᠢᠯᠠᠭᠳᠠᠭᠴᠢ᠎ᠨᠢ ᠲᠡᠭᠦᠨ᠎ᠤ ᠬᠤᠳᠠᠯᠳᠤᠭ᠋ᠠᠨ᠎ᠤ ᠨᠢᠭᠤᠴᠠ ᠵᠢ ᠣᠯᠣᠭᠰᠠᠨ᠎ᠢ ᠭᠡᠷᠡᠴᠢᠯᠡᠭᠰᠡᠨ ᠨᠥᠬᠥᠴᠡᠯ᠎ᠲᠠᠢ ᠭᠤᠶᠤᠴᠢᠯᠠᠭᠳᠠᠭᠴᠢ ᠵᠢᠨ ᠬᠡᠷᠡᠭᠯᠡᠵᠦ ᠪᠠᠶ᠋ᠢᠭ᠎ᠠ ᠮᠡᠳᠡᠭᠡ ᠵᠠᠩᠭᠢ ᠵᠢ ᠬᠠᠩᠭ᠋ᠠᠵᠤ ᠳᠡᠢ᠍ᠯᠬᠦ ᠦᠭᠡᠢ ᠪᠤᠶᠤ ᠣᠯᠣᠭᠰᠠᠨ ᠮᠡᠳᠡᠭᠡ ᠵᠠᠩᠭᠢ᠎ᠨᠢ ᠬᠠᠤᠯᠢ ᠶᠣᠰᠤᠨ᠎ᠤ ᠭᠡᠷᠡᠴᠢ ᠪᠠᠷᠢᠮᠲᠠ ᠵᠢ ᠲᠡᠪᠴᠢᠬᠦ᠃ ᠡᠭᠦᠨ᠎ᠤ ᠵᠡᠷᠭᠡ᠎ᠪᠠᠷ ᠪᠠᠶ᠋ᠢᠴᠠᠭ᠋ᠠᠭᠳᠠᠵᠤ ᠪᠠᠶ᠋ᠢᠭ᠎ᠠ ᠲᠤᠬᠠᠶ ᠵᠢᠨ ᠬᠥᠮᠦᠨ᠎ᠨᠢ ᠪᠠᠰᠠ ᠭᠡᠷᠡᠴᠢ ᠪᠦᠷᠢᠳᠦᠭᠦᠯᠬᠦ ᠬᠠᠷᠢᠭᠤᠴᠠᠯᠭ᠎ᠠ᠎ᠲᠠᠢ᠃
7. ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠲᠤᠬᠠᠶ ᠵᠢᠨ ᠬᠥᠮᠦᠨ᠎ᠨᠢ ᠶᠠᠮᠠᠷ ᠶᠠᠮᠠᠷ ᠵᠠᠰᠠᠭ ᠵᠠᠬᠢᠷᠭ᠋ᠠᠨ᠎ᠤ ᠬᠠᠤᠯᠢ ᠵᠢᠨ ᠬᠠᠷᠢᠭᠤᠴᠠᠯᠭ᠎ᠠ ᠡᠭᠦᠷᠭᠡᠯᠡᠬᠦ ᠶᠣᠰᠣᠲᠠᠢ ᠪᠤᠢ?
《ᠵᠦᠢ ᠪᠤᠰᠤ ᠥᠷᠢᠰᠥᠯᠳᠦᠭᠡᠨ᠎ᠢ ᠡᠰᠡᠷᠭᠦᠴᠡᠬᠦ ᠬᠠᠤᠯᠢ》 ᠵᠢᠨ ᠬᠣᠷᠢᠨ ᠲᠠᠪᠤᠳᠤᠭ᠋ᠠᠷ ᠵᠦᠢ᠍ᠯ᠎ᠳᠤ ᠲᠣᠭᠲᠠᠭ᠋ᠠᠭᠰᠠᠨ᠎ᠢ ᠦᠨᠳᠦᠰᠦᠯᠡᠪᠡᠯ᠂ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ᠎ᠬᠢᠨ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠲᠤᠬᠠᠶ ᠵᠢᠨ ᠬᠥᠮᠦᠨ᠎ᠢ ᠵᠠᠷᠯᠢᠭᠳᠠᠵᠤ᠂ ᠬᠠᠤᠯᠢ᠎ᠠᠴᠠ ᠵᠥᠷᠢᠴᠡᠭᠰᠡᠨ ᠠᠵᠢᠯᠯᠠᠭ᠎ᠠ ᠵᠢ᠎ᠨᠢ ᠵᠣᠭᠰᠣᠭ᠋ᠠᠵᠤ᠂ ᠬᠡᠷᠡᠭ᠎ᠤᠨ ᠪᠣᠳᠠᠳᠤ ᠪᠠᠶ᠋ᠢᠳᠠᠯ᠎ᠢ᠎ᠨᠢ ᠦᠨᠳᠦᠰᠦᠯᠡᠵᠦ ᠲᠦᠮᠡᠨ ᠲᠥᠭᠥᠷᠢᠭ᠎ᠠᠴᠠ ᠳᠡᠭᠡᠭᠰᠢ ᠬᠣᠷᠢᠨ ᠲᠦᠮᠡᠨ ᠲᠥᠭᠥᠷᠢᠭ᠎ᠠᠴᠠ ᠳᠣᠷᠤᠭᠰᠢ ᠵᠣᠭᠣᠰ ᠵᠶ᠋ᠠᠷ ᠲᠣᠷᠭ᠋ᠠᠵᠤ ᠰᠢᠳᠬᠡᠨ᠎ᠡ ᠭᠡᠵᠡᠢ᠃
8. ᠬᠤᠳᠠᠯᠳᠤᠭ᠋ᠠᠨ᠎ᠤ ᠨᠢᠭᠤᠴᠠ᠎ᠳᠤ ᠬᠠᠯᠳᠠᠪᠠᠯ ᠶᠠᠮᠠᠷ ᠶᠠᠮᠠᠷ ᠬᠠᠤᠯᠢ ᠵᠢᠨ ᠬᠠᠷᠢᠭᠤᠴᠠᠯᠭ᠎ᠠ ᠡᠭᠦᠷᠭᠡᠯᠡᠪᠡᠯ ᠵᠣᠬᠢᠬᠤ ᠪᠤᠢ?
《ᠨᠢᠭᠡ》 ᠢᠷᠭᠡᠨ᠎ᠤ ᠬᠡᠷᠡᠭ᠎ᠤᠨ ᠬᠠᠷᠢᠭᠤᠴᠠᠯᠭ᠎ᠠ᠃ ᠮᠠᠨ᠎ᠤ ᠤᠯᠤᠰ᠎ᠤᠨ 《ᠢᠷᠭᠡᠨ᠎ᠤ ᠬᠠᠤᠯᠢ ᠵᠢᠨ ᠶᠡᠷᠦᠩᠬᠡᠶ ᠲᠦᠷᠢᠮ》 ᠵᠢᠴᠢ 《ᠵᠦᠶ ᠪᠤᠰᠤ ᠥᠷᠢᠰᠥᠯᠳᠦᠭᠡᠨ᠎ᠢ ᠡᠰᠡᠷᠭᠦᠴᠡᠬᠦ ᠬᠠᠤᠯᠢ》 ᠵᠢᠨ ᠲᠣᠭᠲᠠᠭ᠋ᠠᠯ ᠶᠣᠰᠣᠭ᠋ᠠᠷ᠂ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠢᠷᠭᠡᠨ᠎ᠤ ᠬᠡᠷᠡᠭ᠎ᠤᠨ ᠬᠠᠷᠢᠭᠤᠴᠠᠯᠭ᠎ᠠ ᠡᠭᠦᠷᠭᠡᠯᠡᠬᠦ ᠠᠷᠭ᠎ᠠ ᠮᠠᠶ᠋ᠢᠭᠲᠤ ᠭᠣᠣᠯᠳᠠᠭᠤ ᠬᠠᠯᠳᠠᠵᠤ ᠬᠣᠬᠢᠷᠠᠭᠤᠯᠬᠤ᠎ᠪᠠᠨ ᠵᠣᠭᠰᠣᠬᠤ᠂ ᠬᠠᠷᠰᠢᠯᠠᠯ᠎ᠢ ᠠᠷᠢᠯᠭ᠋ᠠᠬᠤ᠂ ᠠᠯᠳᠠᠭᠳᠠᠯ᠎ᠢ ᠲᠥᠯᠥᠬᠦ᠂ ᠭᠡᠷ᠎ᠡ ᠵᠥᠷᠢᠴᠡᠭᠰᠡᠨ ᠮᠥᠩᠭᠥ ᠥᠭᠬᠦ᠂ ᠨᠡᠷ᠎ᠡ ᠠᠯᠳᠠᠷ᠂ ᠢᠷᠠᠭᠤ ᠠᠯᠳᠠᠷ᠎ᠢ᠎ᠨᠢ ᠰᠡᠷᠭᠦᠭᠡᠬᠦ ᠵᠡᠷᠭᠡ ᠪᠠᠢ᠍ᠳᠠᠯ᠃
(ᠬᠣᠶᠠᠷ) ᠵᠠᠰᠠᠭ ᠵᠠᠬᠢᠷᠭ᠋ᠠᠨ᠎ᠤ ᠬᠠᠷᠢᠭᠤᠴᠠᠯᠭ᠎ᠠ᠃ 《ᠵᠦᠢ ᠪᠤᠰᠤ ᠥᠷᠢᠰᠥᠯᠳᠦᠭᠡᠨ᠎ᠢ ᠡᠰᠡᠷᠭᠦᠴᠡᠬᠦ ᠬᠠᠤᠯᠢ》 ᠵᠢᠨ 25 ᠳ᠋ᠤᠭ᠋ᠠᠷ ᠵᠦᠢ᠍ᠯ᠎ᠳᠤ ᠲᠣᠭᠲᠠᠭ᠋ᠠᠭᠰᠠᠨ᠎ᠨᠢ᠂ ᠬᠢᠨᠠᠯᠲᠠ ᠲᠠᠯᠪᠢᠵᠤ ᠪᠠᠶ᠋ᠢᠴᠠᠭ᠋ᠠᠬᠤ ᠰᠠᠯᠠᠭ᠎ᠠ ᠮᠥᠴᠢᠷ᠎ᠠᠴᠠ ᠬᠠᠤᠯᠢ ᠵᠢ ᠵᠥᠷᠢᠴᠡᠭᠰᠡᠳ᠎ᠢ ᠵᠠᠷᠯᠢᠭᠳᠠᠵᠤ᠂ ᠬᠠᠤᠯᠢ ᠵᠢ ᠵᠥᠷᠢᠴᠡᠭᠰᠡᠨ ᠠᠵᠢᠯᠯᠠᠭ᠎ᠠ ᠵᠢ᠎ᠨᠢ ᠵᠣᠭᠰᠣᠭ᠋ᠠᠯᠭ᠋ᠠᠵᠤ᠂ ᠬᠡᠷᠡᠭ ᠪᠠᠶ᠋ᠢᠳᠠᠯ᠎ᠢ᠎ᠨᠢ ᠦᠨᠳᠦᠰᠦᠯᠡᠵᠦ ᠲᠦᠮᠡᠨ ᠲᠥᠭᠥᠷᠢᠭ᠎ᠠᠴᠠ ᠳᠡᠭᠡᠭᠰᠢ 20 ᠲᠦᠮᠡᠨ ᠲᠥᠭᠥᠷᠢᠭ᠎ᠠᠴᠠ ᠳᠣᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃
(ᠭᠤᠷᠪᠠ) ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ᠃ ᠮᠠᠨ᠎ᠤ ᠤᠯᠤᠰ᠎ᠤᠨ 《ᠡᠷᠡᠭᠦᠦ ᠵᠢᠨ ᠬᠠᠤᠯᠢ》 ᠵᠢᠨ 219 ᠳ᠋ᠦᠭᠡᠷ ᠵᠦᠢ᠍ᠯ᠎ᠢ ᠦᠨᠳᠦᠰᠦᠯᠡᠪᠡᠯ᠂ ᠡᠷᠬᠡᠲᠦ ᠬᠥᠮᠦᠨ᠎ᠳᠤ ᠬᠦᠨᠳᠦ ᠶᠡᠬᠡ ᠬᠣᠬᠢᠷᠠᠯ ᠤᠴᠠᠷᠠᠭᠤᠯᠤᠭᠰᠠᠨ ᠪᠠᠶ᠋ᠢᠪᠠᠯ ᠭᠤᠷᠪᠠᠨ ᠵᠢᠯ᠎ᠠᠴᠠ ᠳᠣᠷᠤᠭᠰᠢ ᠬᠤᠭᠤᠴᠠᠭ᠎ᠠ᠎ᠲᠠᠢ ᠬᠣᠷᠢᠬᠤ ᠪᠤᠶᠤ ᠬᠣᠷᠢᠵᠤ ᠬᠥᠳᠡᠯᠮᠦᠷᠢᠯᠡᠭᠦᠯᠬᠦ᠎ᠪᠠᠷ ᠰᠢᠳᠬᠡᠵᠦ᠂ ᠵᠣᠭᠣᠰ ᠵᠶ᠋ᠠᠷ ᠲᠣᠷᠭ᠋ᠠᠬᠤ ᠪᠣᠶᠣ ᠵᠥᠪᠭᠡᠨ ᠵᠣᠭᠤᠰ ᠵᠶ᠋ᠠᠷ ᠲᠣᠷᠭ᠋ᠠᠨ᠎ᠠ᠃ ᠬᠦᠨᠳᠦ ᠨᠣᠴᠢᠲᠠᠶ ᠤᠷᠰᠢᠭ ᠲᠠᠲᠠᠭᠰᠠᠨ ᠪᠠᠶ᠋ᠢᠪᠠᠯ ᠭᠤᠷᠪᠠᠨ ᠵᠢᠯ᠎ᠠᠴᠠ ᠳᠡᠭᠡᠭᠰᠢ ᠲᠤᠯᠦᠭ᠋ᠠᠠ ᠵᠢᠯ᠎ᠠᠴᠠ ᠳᠣᠷᠤᠭᠰᠢ ᠬᠤᠭᠤᠴᠠᠭ᠎ᠠ᠎ᠲᠠᠢ ᠬᠣᠷᠢᠬᠤ ᠵᠢᠨ ᠬᠠᠮᠳᠤ᠂ ᠵᠣᠭᠣᠰ ᠵᠶ᠋ᠠᠷ ᠲᠣᠷᠭ᠋ᠠᠨ᠎ᠠ ᠭᠡᠵᠦ ᠳᠣᠭᠳᠠᠭ᠋ᠠᠪᠠ᠃
9 . ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠶᠠᠯᠠᠳᠤ ᠶᠠᠭᠤ ᠶᠠᠭᠤ ᠪᠠᠶ᠋ᠢᠳᠠᠭ ᠪᠤᠢ?
ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠶᠠᠯ᠎ᠠ᠂ 《ᠡᠷᠡᠭᠦᠦ ᠵᠢᠨ ᠬᠠᠤᠯᠢ》 ᠵᠢᠨ ᠬᠣᠶᠠᠷ ᠵᠠᠭᠤ ᠠᠷᠪᠠ ᠶᠢᠰᠦᠳᠦᠭᠡᠷ ᠵᠦᠢ᠍ᠯ᠎ᠢ ᠦᠨᠳᠦᠰᠦᠯᠡᠪᠡᠯ᠂ ᠳᠣᠣᠷ᠎ᠠ ᠵᠢᠭᠰᠠᠭ᠋ᠠᠭᠰᠠᠨ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ ᠪᠠᠢ᠍ᠳᠠᠯ᠎ᠤᠨ ᠨᠢᠭᠡ᠎ᠨᠢ ᠪᠠᠢ᠍ᠭ᠋ᠠᠳ ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ᠎ᠳᠤ ᠬᠦᠨᠳᠦ ᠶᠡᠬᠡ ᠬᠣᠬᠢᠷᠠᠯ ᠤᠴᠠᠷᠠᠭᠤᠯᠤᠭᠰᠠᠨ ᠪᠠᠶ᠋ᠢᠪᠠᠯ᠂ ᠭᠤᠷᠪᠠᠨ ᠵᠢᠯ᠎ᠠᠴᠠ ᠳᠣᠷᠤᠭᠰᠢ ᠬᠤᠭᠤᠴᠠᠭ᠎ᠠ᠎ᠲᠠᠢ ᠬᠣᠷᠢᠬᠤ ᠪᠤᠶᠤ ᠬᠣᠷᠢᠵᠤ ᠬᠥᠳᠡᠯᠮᠦᠷᠢᠯᠡᠭᠦᠯᠬᠦ᠎ᠪᠠᠷ ᠰᠢᠳᠬᠡᠵᠦ᠂ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠬᠦ ᠪᠤᠶᠤ ᠲᠠᠩ ᠵᠶ᠋ᠠᠷ ᠰᠢᠳᠬᠡᠨ᠎ᠡ᠃ ᠬᠦᠨᠳᠦ ᠨᠣᠴᠢᠲᠠᠶ ᠤᠷᠰᠢᠭ ᠲᠠᠲᠠᠭᠰᠠᠨ ᠪᠠᠶ᠋ᠢᠪᠠᠯ᠂ ᠭᠤᠷᠪᠠᠨ ᠵᠢᠯ᠎ᠠᠴᠠ ᠳᠡᠭᠡᠭᠰᠢ ᠲᠤᠯᠦᠭ᠋ᠠᠠ ᠵᠢᠯ᠎ᠠᠴᠠ ᠳᠣᠷᠤᠭᠰᠢ ᠬᠤᠭᠤᠴᠠᠭ᠎ᠠ᠎ᠲᠠᠢ ᠬᠣᠷᠢᠬᠤ᠎ᠪᠠᠷ ᠰᠢᠳᠬᠡᠵᠦ᠂ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃ (1) ᠬᠤᠯᠠᠭ᠋ᠠᠶ᠋ᠢᠯᠠᠬᠤ᠂ ᠠᠰᠢᠭ ᠵᠶ᠋ᠠᠷ ᠲᠠᠲᠠᠬᠤ᠂ ᠠᠯᠪᠡᠳᠡᠠ ᠰᠦᠷᠳᠡᠭᠦᠯᠬᠦ ᠪᠤᠶᠤ ᠪᠤᠰᠤᠳ ᠵᠦᠢ᠍ᠯ᠎ᠤᠨ ᠲᠥᠪ ᠪᠤᠰᠤ ᠠᠷᠭ᠎ᠠ᠎ᠪᠠᠷ ᠡᠷᠬᠡᠲᠦ ᠬᠥᠮᠦᠨ᠎ᠤ ᠬᠤᠳᠠᠯᠳᠤᠭ᠋ᠠᠨ᠎ᠤ ᠨᠢᠭᠤᠴᠠ ᠵᠢ ᠤᠯᠬᠤ; (2) ᠵᠠᠳᠠᠷᠠᠭᠤᠯᠬᠤ᠂ ᠠᠰᠢᠭᠯᠠᠬᠤ ᠪᠣᠶᠤ ᠪᠣᠰᠤᠳ᠎ᠤᠨ ᠠᠰᠢᠭᠯᠠᠬᠤ ᠵᠢ ᠵᠥᠪᠰᠢᠶᠠᠷᠡᠪᠡᠯ ᠳᠡᠭᠡᠷ᠎ᠡ ᠵᠤᠷᠪᠤᠰ᠎ᠲᠤ ᠳᠤᠷᠠᠳᠤᠭᠰᠠᠨ ᠠᠷᠭ᠎ᠠ᠎ᠪᠠᠷ ᠡᠷᠬᠡ᠎ᠳᠦ ᠬᠥᠮᠦᠨ᠎ᠤ ᠬᠤᠳᠠᠯᠳᠤᠭ᠋ᠠᠨ᠎ᠤ ᠨᠢᠭᠤᠴᠠ ᠵᠢ ᠤᠯᠬᠤ; (3) ᠭᠡᠷ᠎ᠡ᠎ᠠᠴᠠ᠎ᠪᠠᠨ ᠵᠥᠷᠢᠴᠡᠬᠦ ᠪᠤᠶᠤ ᠬᠤᠳᠠᠯᠳᠤᠭ᠋ᠠᠨ᠎ᠤ ᠨᠢᠭᠤᠴᠠ ᠵᠢ ᠵᠢᠷᠤᠮᠯᠠᠨ ᠰᠠᠬᠢᠬᠤ ᠲᠤᠬᠠᠶ ᠡᠷᠬᠡᠲᠦ ᠬᠥᠮᠦᠨ᠎ᠤ ᠱᠠᠭ᠋ᠠᠷᠳᠠᠯᠭ᠎ᠠ ᠵᠢ ᠵᠥᠷᠢᠴᠡᠵᠦ᠂ ᠡᠵᠡᠮᠰᠢᠵᠦ ᠪᠦᠬᠦᠢ ᠬᠤᠳᠠᠯᠳᠤᠭ᠋ᠠᠨ᠎ᠤ ᠨᠢᠭᠤᠴᠠ ᠵᠢ ᠵᠠᠳᠠᠷᠠᠭᠤᠯᠬᠤ᠂ ᠠᠰᠢᠭᠯᠠᠭᠰᠠᠨ ᠪᠤᠶᠤ ᠪᠤᠰᠤᠳ᠎ᠤᠨ ᠠᠰᠢᠭᠯᠠᠬᠤ ᠵᠢ ᠵᠥᠪᠰᠢᠶᠡᠷᠡᠬᠦ᠃ ᠳᠡᠭᠡᠷ᠎ᠡ ᠵᠣᠷᠪᠣᠰ᠎ᠲᠤ ᠵᠢᠭᠰᠠᠭ᠋ᠠᠭᠰᠠᠨ ᠠᠵᠢᠯᠯᠠᠭ᠎ᠠ ᠵᠢ ᠲᠣᠳᠣᠷᠬᠠᠶ ᠮᠡᠳᠡᠵᠦ ᠪᠠᠶ᠋ᠢᠭ᠋ᠠᠳ ᠡᠰᠡᠭᠦᠯ᠎ᠡ ᠮᠡᠳᠡᠬᠦ ᠶᠣᠰᠣᠲᠠᠶ ᠪᠠᠶ᠋ᠢᠭ᠋ᠠᠳ ᠪᠤᠰᠤᠳ᠎ᠤᠨ ᠬᠤᠳᠠᠯᠳᠤᠭ᠋ᠠᠨ᠎ᠤ ᠨᠢᠭᠤᠴᠠ ᠵᠢ ᠬᠡᠷᠡᠭᠯᠡᠬᠦ ᠪᠣᠶᠤ ᠵᠠᠳᠠᠷᠠᠭᠤᠯᠤᠭᠰᠠᠨ ᠪᠠᠶ᠋ᠢᠪᠠᠯ ᠬᠤᠳᠠᠯᠳᠤᠭ᠋ᠠᠨ᠎ᠤ ᠨᠢᠭᠤᠴᠠ᠎ᠳᠤ ᠬᠠᠯᠳᠠᠭᠰᠠᠨ᠎ᠳᠤ ᠲᠣᠭ᠋ᠠᠴᠢᠭᠳᠠᠨ᠎ᠠ᠃ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠵᠡᠷᠭᠡ ᠵᠢᠨ ᠪᠠᠶ᠋ᠢᠴᠠᠭ᠋ᠠᠬᠤ ᠬᠣᠷᠢᠶ᠎ᠠ ᠵᠢᠨ ᠬᠠᠤᠯᠢ ᠴᠠᠭ᠋ᠠᠵᠠ ᠵᠢᠨ ᠲᠠᠶ᠋ᠢᠯᠪᠤᠷᠢᠯᠠᠯᠲᠠ ᠵᠢ ᠦᠨᠳᠦᠰᠦᠯᠡᠪᠡᠯ᠂ ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ᠎ᠳᠤ ᠤᠴᠠᠷᠠᠭᠤᠯᠤᠭᠰᠠᠨ ᠬᠣᠬᠢᠷᠠᠯ᠎ᠤᠨ ᠲᠣᠭ᠎ᠠ ᠬᠡᠮᠵᠢᠶ᠎ᠡ᠎ᠨᠢ ᠲᠠᠪᠢᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠪᠠᠯ 《ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ᠎ᠳᠤ ᠬᠦᠨᠳᠦ ᠶᠡᠬᠡ ᠬᠣᠬᠢᠷᠠᠯ ᠤᠴᠠᠷᠠᠭᠤᠯᠤᠭᠰᠠᠨ》 ᠬᠡᠵᠦ ᠦᠵᠡᠨ᠎ᠡ᠃ ᠬᠤᠳᠠᠯᠳᠤᠭ᠋ᠠᠨ᠎ᠤ ᠨᠢᠭᠤᠴᠠ ᠵᠢᠨ ᠡᠷᠬᠡᠲᠦ ᠬᠥᠮᠦᠨ᠎ᠳᠤ ᠤᠴᠠᠷᠠᠭᠤᠯᠤᠭᠰᠠᠨ ᠬᠣᠬᠢᠷᠠᠯ᠎ᠤᠨ ᠲᠣᠭ᠎ᠠ᠎ᠨᠢ ᠬᠣᠶᠠᠷ ᠵᠠᠭᠤ ᠲᠠᠪᠢᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠪᠠᠯ 《ᠬᠦᠨᠳᠦ ᠨᠣᠴᠢᠲᠠᠶ ᠦᠷ᠎ᠡ ᠳ᠋ᠦᠩ》᠎ᠳᠤ ᠲᠣᠭ᠋ᠠᠴᠢᠭᠳᠠᠨ᠎ᠠ᠃<!--12312--><!--12312--><!--12312--><!--12312-->