ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠢᠯᠡ ᠵᠠᠰᠠᠭ   -   ᠪᠢᠴᠢᠭ ᠮᠠᠲ᠋ᠧᠷᠢᠶᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠪᠠ ᠲᠣᠮᠣ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ᠎ᠢ ᠴᠢᠯᠥᠭᠡᠲᠡᠶ ᠪᠠᠢ᠌ᠯᠭ᠋ᠠᠵᠤ ᠬᠠᠮᠲᠤᠪᠠᠷ ᠡᠳ᠋ᠯᠡᠬᠦ ᠵᠢ ᠦᠨᠡᠯᠡᠵᠦ ᠰᠢᠯᠭ᠋ᠠᠨ ᠬᠢᠨᠠᠬᠤ ᠵᠢᠨ ᠬᠡᠷᠡᠭᠵᠢᠭᠦᠯᠬᠦ ᠨᠠᠷᠢᠨ ᠲᠦᠷᠢᠮ (ᠲᠤᠷᠰᠢᠨ ᠬᠡᠷᠡᠭᠵᠢᠭᠦᠯᠬᠦ)
ᠨᠡᠶ᠋ᠢᠲᠡᠯᠡᠭᠰᠡᠨ ᠴᠠᠭ᠄ 2023-04-07


 
    ᠨᠢᠭᠡᠳᠦᠭᠡᠷ ᠵᠦᠢᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠪᠠ ᠲᠤᠮᠤ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ (ᠳᠣᠷᠣᠭᠰᠢ 《ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠪᠠ ᠬᠡᠮᠵᠢᠭᠦᠷᠯᠢᠭ ᠭᠡᠵᠦ ᠲᠣᠪᠴᠢᠯᠠᠨ᠎ᠠ)᠎ᠢ ᠴᠢᠯᠥᠭᠡᠲᠡᠶ ᠪᠠᠢ᠌ᠯᠭ᠋ᠠᠵᠤ ᠬᠠᠮᠲᠤ᠎ᠪᠠᠷ ᠬᠦᠷᠲᠡᠨ ᠦᠨᠡᠯᠡᠵᠦ ᠰᠢᠯᠭ᠋ᠠᠨ ᠬᠢᠨᠠᠬᠤ ᠵᠢ ᠴᠢᠩᠭ᠋ᠠᠳᠬᠠᠨ ᠵᠢᠷᠤᠮᠵᠢᠭᠤᠯᠵᠤ᠂ ᠱᠠᠩᠨᠠᠵᠤ ᠲᠣᠷᠭ᠋ᠠᠬᠤ ᠲᠣᠭᠲᠠᠴᠠ ᠵᠢᠨ ᠤᠷᠮᠠᠰᠢᠭᠤᠯᠵᠤ ᠬᠥᠲᠥᠯᠥᠨ ᠵᠢᠯᠣᠭᠣᠳᠬᠤ ᠦᠢᠯᠡᠳᠦᠯ᠎ᠢ ᠪᠠᠳᠠᠷᠠᠭᠤᠯᠤᠨ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠪᠠ ᠬᠡᠮᠵᠢᠭᠦᠷᠯᠢᠭ᠎ᠢ ᠬᠡᠷᠡᠭᠯᠡᠬᠦ ᠦᠷ᠎ᠡ ᠠᠰᠢᠭ᠎ᠢ ᠳᠡᠭᠡᠭᠰᠢᠯᠡᠭᠦᠯᠬᠦ ᠵᠢᠨ ᠲᠤᠰᠠᠳᠠ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠪᠠ ᠲᠤᠮᠤ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ᠎ᠢ ᠴᠢᠯᠥᠭᠡᠲᠡᠶ ᠲᠠᠯᠪᠢᠵᠤ ᠬᠠᠮᠲᠤ᠎ᠪᠠᠷ ᠬᠦᠷᠲᠡᠬᠦ ᠬᠠᠮᠢᠶᠠᠷᠤᠯᠲᠠ ᠵᠢᠨ ᠠᠷᠭ᠎ᠠ (ᠲᠤᠷᠰᠢᠨ ᠬᠡᠷᠡᠭᠵᠢᠭᠦᠯᠬᠦ)》 (ᠥᠪᠥᠷ ᠰᠠᠯᠠᠭ᠎ᠠ ᠲᠠᠷᠬᠠᠭ᠋ᠠᠭᠰᠠᠨ 202217 ᠳ᠋ᠤᠭ᠋ᠠᠷ ᠲᠣᠭ᠋ᠠᠲᠤ) ᠵᠢ ᠦᠨᠳᠦᠰᠦᠯᠡᠨ᠂ ᠲᠤᠰ ᠬᠡᠷᠡᠭᠵᠢᠭᠦᠯᠬᠦ ᠨᠠᠷᠢᠨ ᠳᠦᠷᠢᠮ᠎ᠢ ᠲᠣᠭᠲᠠᠭ᠋ᠠᠪᠠ  ᠃
  ᠬᠣᠶᠠᠳᠤᠭ᠋ᠠᠷ ᠵᠦᠢᠯ ᠲᠤᠰ ᠨᠠᠷᠢᠨ ᠲᠦᠷᠢᠮ᠎ᠳᠤ ᠵᠢᠭ᠋ᠠᠵᠤ ᠪᠠᠢ᠌ᠭ᠎ᠠ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ ᠭᠡᠳᠡᠭ᠎ᠲᠤ ᠭᠣᠤᠯᠳᠠᠭᠤ ᠵᠠᠰᠠᠭ᠎ᠤᠨ ᠣᠷᠳᠣᠨ᠎ᠤ ᠲᠥᠰᠦᠪ᠎ᠤᠨ ᠪᠡᠯᠡ ᠮᠥᠩᠭᠥ ᠵᠢᠨ ᠣᠷᠣᠭᠤᠯᠤᠯᠲᠠ ᠵᠢᠨ ᠪᠦᠲᠦᠭᠡᠨ ᠪᠠᠢ᠌ᠭᠤᠯᠤᠯᠲᠠ ᠪᠠ ᠬᠤᠳᠠᠯᠳᠤᠨ ᠠᠪᠤᠭᠰᠠᠨ᠂ ᠰᠢᠨᠵᠢᠯᠡᠬᠦ ᠤᠬᠠᠭ᠋ᠠᠨ᠎ᠤ ᠰᠤᠳᠤᠯᠤᠯ ᠪᠠ ᠮᠡᠷᠭᠡᠵᠢᠯ᠎ᠤᠨ ᠨᠡᠭᠡᠭᠡᠯᠲᠡ ᠵᠢᠨ ᠠᠵᠢᠯᠯᠠᠭ᠎ᠠ᠎ᠳᠤ ᠬᠡᠷᠡᠭᠯᠡᠬᠦ ᠡᠯ᠎ᠡ ᠲᠥᠷᠥᠯ᠎ᠤᠨ ᠴᠢᠬᠤᠯᠠ ᠶᠡᠬᠡ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠪᠠ ᠳᠠᠩ ᠰᠠᠭᠤᠷᠢ (ᠢᠵᠢ) ᠵᠢᠨ ᠥᠷᠲᠡᠭ᠎ᠨᠢ 30 ᠲᠦᠮᠡᠨ ᠲᠥᠭᠥᠷᠢᠭ ᠵᠢᠴᠢ ᠲᠡᠭᠦᠨ᠎ᠠᠴᠠ ᠳᠡᠭᠡᠭᠰᠢᠬᠢ ᠰᠢᠨᠵᠢᠯᠡᠬᠦ ᠤᠬᠠᠭ᠋ᠠᠨ᠎ᠤ ᠬᠡᠮᠵᠢᠭᠦᠷᠯᠢᠭ ᠲᠥᠬᠥᠭᠡᠷᠦᠮᠵᠢ ᠪᠠᠭᠲᠠᠨ᠎ᠠ  ᠃
  ᠭᠤᠷᠪᠠᠳᠤᠭ᠋ᠠᠷ ᠵᠦᠢᠯ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠰᠤᠷᠭ᠋ᠠᠨ ᠬᠥᠮᠦᠵᠢᠯ᠎ᠤᠨ ᠲᠢᠩᠬᠢᠮ᠎ᠨᠢ ᠬᠣᠯᠪᠣᠭᠳᠠᠯ ᠪᠦᠬᠦᠶ ᠰᠠᠯᠠᠭ᠎ᠠ ᠮᠥᠴᠢᠷ᠎ᠲᠠᠢ ᠬᠠᠮᠲᠤᠷᠠᠯᠴᠠᠨ᠂ ᠣᠨ ᠵᠶ᠋ᠠᠷ ᠳᠡᠭᠡᠳᠦ ᠵᠡᠷᠭᠡ ᠵᠢᠨ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠦᠷᠢᠶᠡᠯᠡᠩ ᠭᠠᠵᠠᠷ᠂ ᠠᠵᠤ ᠠᠬᠤᠢ᠌ᠯᠠᠯ᠂ ᠰᠢᠨ᠎ᠡ ᠬᠡᠯᠪᠡᠷᠢ ᠵᠢᠨ ᠰᠤᠳᠤᠯᠤᠨ ᠨᠡᠭᠡᠭᠡᠬᠦ ᠪᠠᠢ᠌ᠭᠤᠯᠤᠮᠵᠢ ᠵᠡᠷᠭᠡ ᠬᠠᠮᠢᠶᠠᠷᠤᠯᠲᠠ ᠵᠢᠨ ᠨᠢᠭᠡᠴᠡ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ᠎ᠤᠨ ᠬᠠᠮᠢᠶᠠᠷᠤᠯᠲᠠ᠂ ᠠᠵᠢᠯᠯᠠᠭ᠋ᠠᠨ ᠵᠢᠴᠢ ᠴᠢᠯᠥᠭᠡᠲᠡᠶ ᠪᠠᠢ᠌ᠯᠭ᠋ᠠᠵᠤ ᠬᠠᠮᠲᠤ᠎ᠪᠠᠷ ᠡᠳ᠋ᠯᠡᠭᠰᠡᠨ ᠶᠡᠷᠦᠩᠬᠡᠶ ᠪᠠᠢ᠌ᠳᠠᠯ᠎ᠳᠤ ᠦᠨᠡᠯᠡᠯᠲᠡ ᠬᠢᠵᠦ ᠰᠢᠯᠭ᠋ᠠᠨ ᠬᠢᠨᠠᠬᠤ ᠵᠢᠨ ᠬᠠᠮᠲᠤ᠂ ᠦᠨᠡᠯᠡᠵᠦ ᠰᠢᠯᠭ᠋ᠠᠨ ᠬᠢᠨᠠᠭᠰᠠᠨ ᠦᠷ᠎ᠡ ᠳ᠋ᠦᠩ ᠵᠶ᠋ᠡᠨ ᠨᠡᠢ᠌ᠭᠡᠮ᠎ᠳᠤ ᠨᠡᠢ᠌ᠲᠡᠯᠡᠬᠦ ᠬᠡᠷᠡᠭᠲᠡᠶ  ᠃
  ᠳᠥᠷᠪᠡᠳᠦᠭᠡᠷ ᠵᠦᠢᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠬᠢᠭᠡᠳ ᠲᠣᠮᠣ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ᠎ᠤᠨ ᠴᠢᠯᠥᠭᠡᠲᠡᠶ ᠪᠥᠭᠡᠳ ᠬᠠᠮᠲᠤᠪᠠᠷ ᠭᠥᠷᠳᠡᠬᠦ ᠲᠣᠤᠷ ᠰᠦᠯᠵᠢᠶ᠎ᠡ ᠵᠢᠨ ᠬᠠᠮᠢᠶᠠᠷᠤᠯᠲᠠ ᠵᠢᠨ ᠲᠠᠪᠴᠠᠩ (ᠳᠣᠷᠣᠭᠰᠢ 《ᠥᠪᠡᠷᠲᠡᠭᠡᠨ ᠵᠠᠰᠠᠬᠤ ᠣᠷᠣᠨ᠎ᠤ ᠴᠢᠯᠥᠭᠡᠲᠡᠶ ᠪᠥᠭᠡᠳ ᠬᠠᠮᠲᠤᠪᠠᠷ ᠭᠥᠷᠳᠡᠬᠦ ᠲᠣᠤᠷ ᠰᠦᠯᠵᠢᠶ᠎ᠡ ᠵᠢᠨ ᠬᠠᠮᠢᠶᠠᠷᠤᠯᠲᠠ ᠵᠢᠨ ᠲᠠᠪᠴᠠᠩ》 ᠭᠡᠵᠦ ᠲᠣᠪᠴᠢᠯᠠᠨ᠎ᠠ)᠎ᠤᠨ ᠦᠢᠯᠡᠳᠦᠯ᠎ᠢ ᠭᠦᠢᠴᠡᠳ ᠪᠠᠳᠠᠷᠠᠭᠤᠯᠵᠤ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ᠎ᠤᠨ ᠴᠢᠯᠥᠭᠡᠲᠡᠶ ᠪᠠᠢ᠌ᠬᠤ ᠨᠣᠷᠮ᠎ᠠ᠂ ᠭᠠᠳᠠᠭ᠋ᠠᠳᠤ᠎ᠳᠤ ᠪᠦᠲᠦᠮᠵᠢᠲᠡᠶ ᠦᠢᠯᠡᠴᠢᠯᠡᠬᠦ ᠴᠠᠭ ᠲᠣᠬᠢᠶᠠᠯ ᠵᠡᠷᠭᠡ ᠮᠡᠳᠡᠭᠡ ᠵᠠᠩᠭᠢ ᠵᠢ ᠴᠠᠭ ᠲᠤᠬᠠᠶ᠎ᠳᠤᠨᠢ ᠪᠤᠰᠤᠳᠴᠢ᠎ᠪᠠᠷ ᠲᠡᠮᠳᠡᠭᠯᠡᠵᠦ᠂ ᠦᠨᠡᠯᠡᠨ ᠰᠢᠯᠭ᠋ᠠᠬᠤ ᠵᠢ ᠲᠥᠪ ᠭᠣᠤᠯᠴᠢ ᠪᠥᠭᠡᠳ ᠪᠤᠰᠤᠳᠴᠢ᠎ᠪᠠᠷ ᠥᠷᠨᠢᠭᠦᠯᠬᠦ᠎ᠳᠤ ᠰᠠᠭᠤᠷᠢ ᠴᠢᠨᠠᠷᠲᠠᠶ ᠲᠤᠯᠭ᠋ᠠᠭᠤᠷᠢᠯᠠᠯ ᠬᠠᠩᠭ᠋ᠠᠨ᠎ᠠ  ᠃
  ᠲᠠᠪᠤᠳᠤᠭ᠋ᠠᠷ ᠵᠦᠢᠯ ᠦᠨᠡᠯᠡᠵᠦ ᠰᠢᠯᠭ᠋ᠠᠨ ᠬᠢᠨᠠᠬᠤ ᠭᠦᠢᠴᠡᠳᠬᠡᠯ ᠲᠣᠭ᠎ᠠ᠎ᠳᠤ ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ᠂ ᠨᠡᠭᠡᠭᠡᠯᠲᠡ ᠵᠢᠨ ᠦᠷ᠎ᠡ ᠪᠦᠲᠦᠮᠵᠢ ᠪᠠ ᠦᠢᠯᠡᠴᠢᠯᠡᠭᠡᠨ᠎ᠤ ᠦᠷ᠎ᠡ ᠪᠦᠲᠦᠮᠵᠢ ᠵᠡᠷᠭᠡ 3 ᠨᠢᠭᠡᠳᠦᠭᠡᠷ ᠳᠡᠰ᠎ᠤᠨ ᠭᠦᠢᠴᠡᠳᠬᠡᠯ ᠲᠣᠭ᠎ᠠ ᠪᠠ 8 ᠬᠣᠶᠠᠳᠤᠭ᠋ᠠᠷ ᠳᠡᠰ᠎ᠤᠨ ᠭᠦᠢᠴᠡᠳᠬᠡᠯ ᠲᠣᠭ᠎ᠠ ᠪᠠᠭᠲᠠᠨ᠎ᠠ  ᠃
 (ᠨᠢᠭᠡ) ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ ᠵᠢᠨ ᠪᠠᠢ᠌ᠳᠠᠯ
 1. ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ᠎ᠤᠨ ᠭᠠᠳᠠᠭ᠋ᠠᠳᠤ ᠨᠡᠭᠡᠭᠡᠯᠲᠡ ᠵᠢ ᠬᠠᠮᠲᠤᠪᠠᠷ ᠡᠳ᠋ᠯᠡᠬᠦ ᠬᠠᠮᠢᠶᠠᠷᠤᠯᠲᠠ ᠵᠢᠨ ᠰᠢᠰᠲ᠋ᠧᠮᠵᠢ ᠵᠢᠨ ᠪᠠᠢ᠌ᠭᠤᠯᠤᠯᠲᠠ  ᠃ ᠡᠭᠦᠨ᠎ᠳᠤ ᠲᠦᠷᠢᠮ᠎ᠤᠨ ᠪᠠᠢ᠌ᠭᠤᠯᠤᠯᠲᠠ ᠵᠢᠨ ᠪᠠᠢ᠌ᠳᠠᠯ᠂ ᠬᠡᠮᠵᠢᠭᠦᠷᠯᠢᠭ᠎ᠤᠨ ᠲᠥᠪᠯᠡᠷᠡᠭᠦᠯᠦᠭᠰᠡᠨ ᠡᠷᠴᠢᠮᠵᠢᠭᠦᠯᠦᠭᠰᠡᠨ ᠬᠠᠮᠢᠶᠠᠷᠤᠯᠲᠠ ᠵᠢᠨ ᠪᠠᠢ᠌ᠳᠠᠯ ᠪᠠ ᠲᠤᠷᠰᠢᠯᠲᠠ ᠵᠢᠨ ᠪᠦᠯᠬᠦᠮ ᠨᠡᠢ᠌ᠲᠡ ᠵᠢᠨ ᠪᠠᠢ᠌ᠭᠤᠯᠤᠯᠲᠠ ᠵᠢᠨ ᠪᠠᠢ᠌ᠳᠠᠯ ᠵᠡᠷᠭᠡ ᠪᠠᠭᠲᠠᠨ᠎ᠠ  ᠃
 2. ᠰᠦᠯᠵᠢᠶᠡᠨ ᠳᠡᠭᠡᠷᠡᠬᠢ ᠦᠢᠯᠡᠴᠢᠯᠡᠭᠡᠨ᠎ᠤ ᠲᠠᠪᠴᠠᠩ᠎ᠤᠨ ᠪᠠᠢ᠌ᠭᠤᠯᠤᠯᠲᠠ  ᠃ ᠡᠭᠦᠨ᠎ᠳᠤ ᠰᠦᠯᠵᠢᠶᠡᠨ ᠳᠡᠭᠡᠷᠡᠬᠢ ᠦᠢᠯᠡᠴᠢᠯᠡᠭᠡᠨ᠎ᠤ ᠲᠠᠪᠴᠠᠩ᠎ᠤᠨ ᠪᠠᠢ᠌ᠭᠤᠯᠤᠯᠲᠠ ᠵᠢᠴᠢ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤᠪᠠᠷ ᠭᠥᠷᠳᠡᠬᠦ ᠰᠦᠯᠵᠢᠶᠡᠨ᠎ᠤ ᠬᠠᠮᠢᠶᠠᠷᠤᠯᠲᠠ ᠵᠢᠨ ᠲᠠᠪᠴᠠᠩ᠎ᠢ ᠵᠠᠯᠭ᠋ᠠᠭᠰᠠᠨ ᠪᠠᠢ᠌ᠳᠠᠯ᠂ ᠰᠦᠯᠵᠢᠶᠡᠨ ᠳᠡᠭᠡᠷᠡᠬᠢ ᠦᠢᠯᠡᠴᠢᠯᠡᠭᠡᠨ᠎ᠤ ᠲᠠᠪᠴᠠᠩ᠎ᠨᠢ ᠪᠠᠭ᠋ᠠᠵᠢ ᠬᠡᠷᠡᠭᠰᠡᠯ᠎ᠤᠨ ᠬᠠᠷᠢᠴᠠᠯ᠎ᠢ ᠤᠷᠢᠳᠴᠢᠯᠠᠨ ᠪᠣᠯᠵᠣᠵᠤ ᠪᠣᠯᠬᠤ ᠵᠡᠷᠭᠡ ᠪᠠᠭᠲᠠᠨ᠎ᠠ  ᠃
 3. ᠨᠡᠭᠡᠭᠡᠯᠲᠡ ᠬᠢᠵᠦ ᠬᠠᠮᠲᠤ᠎ᠳᠤ᠎ᠪᠠᠨ ᠭᠥᠷᠳᠡᠬᠦ ᠠᠭᠤᠷ ᠠᠮᠢᠰᠬᠤᠯ  ᠃ ᠬᠠᠮᠢᠶᠠᠷᠤᠯᠲᠠ ᠵᠢᠨ ᠨᠢᠭᠡᠴᠡ ᠵᠢᠨ ᠲᠣᠰ ᠨᠢᠭᠡᠴᠡ ᠵᠢᠨ ᠨᠡᠭᠡᠭᠡᠯᠲᠡ ᠬᠢᠵᠦ ᠬᠠᠮᠲᠤ᠎ᠳᠤ᠎ᠪᠠᠨ ᠭᠥᠷᠳᠡᠬᠦ ᠵᠢ ᠠᠬᠢᠭᠤᠯᠬᠤ ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠬᠤ ᠵᠢ ᠠᠬᠢᠭᠤᠯᠬᠤ ᠪᠣᠳᠠᠲᠠᠶ ᠠᠷᠭ᠎ᠠ ᠬᠡᠮᠵᠢᠶ᠎ᠡ ᠵᠢᠴᠢ ᠦᠷ᠎ᠡ ᠪᠦᠲᠦᠮᠵᠢ᠂ ᠬᠠᠩᠭ᠋ᠠᠯᠭ᠎ᠠ ᠬᠡᠷᠡᠭᠴᠡᠭᠡ ᠵᠢ ᠵᠣᠯᠭ᠋ᠠᠭᠤᠯᠬᠤ ᠠᠷᠭ᠎ᠠ ᠬᠡᠮᠵᠢᠶ᠎ᠡ ᠬᠢᠭᠡᠳ ᠦᠷ᠎ᠡ ᠪᠦᠲᠦᠮᠵᠢ ᠵᠡᠷᠭᠡ ᠵᠢ ᠪᠠᠭᠲᠠᠭ᠋ᠠᠨ᠎ᠠ  ᠃
 (ᠬᠣᠶᠠᠷ) ᠨᠡᠭᠡᠭᠡᠯᠲᠡ ᠵᠢᠨ ᠦᠷ᠎ᠡ ᠪᠦᠲᠦᠮᠵᠢ
 1. ᠨᠡᠭᠡᠭᠡᠯᠲᠡ ᠵᠢᠨ ᠨᠣᠷᠮ᠎ᠠ  ᠃ ᠲᠠᠩ ᠲᠠᠪᠴᠠᠩ (ᠢᠵᠢ)᠎ᠤᠨ ᠤᠤᠯ ᠥᠷᠲᠡᠭ᠎ᠨᠢ 30 ᠲᠦᠮᠡᠨ ᠲᠥᠭᠥᠷᠢᠭ ᠵᠢᠴᠢ ᠲᠡᠭᠦᠨ᠎ᠠᠴᠠ ᠳᠡᠭᠡᠭᠰᠢᠬᠢ᠂ ᠬᠠᠮᠢᠶᠠᠷᠤᠯᠲᠠ ᠵᠢᠨ ᠨᠢᠭᠡᠴᠡ ᠵᠢᠨ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤᠪᠠᠷ ᠭᠥᠷᠳᠡᠬᠦ ᠰᠦᠯᠵᠢᠶᠡᠨ᠎ᠤ ᠬᠠᠮᠢᠶᠠᠷᠤᠯᠲᠠ ᠵᠢᠨ ᠲᠠᠪᠴᠠᠩ᠎ᠳᠤ ᠣᠷᠣᠭᠤᠯᠤᠭᠰᠠᠨ ᠨᠡᠭᠡᠭᠡᠯᠲᠡᠲᠦ ᠬᠡᠮᠵᠢᠭᠦᠷᠯᠢᠭ᠎ᠤᠨ ᠲᠣᠭ᠎ᠠ ᠬᠡᠮᠵᠢᠶ᠎ᠡ ᠬᠢᠭᠡᠳ ᠲᠣᠰ ᠨᠢᠭᠡᠴᠡ ᠵᠢᠨ ᠴᠢᠯᠥᠭᠡᠲᠡᠶ ᠲᠠᠯᠪᠢᠪᠠᠯ ᠵᠣᠬᠢᠬᠤ ᠬᠡᠮᠵᠢᠭᠦᠷᠯᠢᠭ᠎ᠤᠨ ᠶᠡᠷᠦᠩᠬᠡᠶ ᠬᠡᠮᠵᠢᠶ᠎ᠡ ᠵᠢᠨ ᠬᠠᠷᠢᠴᠠᠯ ᠬᠡᠮᠵᠢᠭᠳᠡᠯ (%)᠎ᠢ ᠵᠢᠭ᠋ᠠᠵᠤ ᠪᠣᠶ  ᠃
 2. ᠠᠰᠢᠭᠯᠠᠯᠲᠠ ᠵᠢᠨ ᠨᠣᠷᠮ᠎ᠠ  ᠃ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ᠎ᠤᠨ ᠵᠢᠯ᠎ᠤᠨ ᠳᠤᠮᠳᠠᠴᠢ ᠠᠵᠢᠯᠯᠠᠭ᠋ᠠᠨ᠎ᠤ ᠮᠠᠰᠢᠨ ᠬᠢᠭᠡᠳ ᠳᠤᠮᠳᠠᠴᠢ ᠨᠣᠷᠮ᠎ᠠ ᠲᠣᠭᠲᠠᠭ᠋ᠠᠬᠤ ᠮᠠᠰᠢᠨ᠎ᠤ ᠴᠠᠭ᠎ᠤᠨ ᠬᠠᠷᠢᠴᠠᠯ (%)᠎ᠢ ᠵᠢᠭ᠋ᠠᠵᠤ ᠪᠣᠶ  ᠃
 3. ᠬᠠᠮᠲᠤ᠎ᠪᠠᠷ ᠡᠳ᠋ᠯᠡᠬᠦ ᠨᠤᠷᠮ᠎ᠠ  ᠃ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠡᠯᠡᠳᠬᠡᠮᠵᠢ ᠬᠢᠭᠡᠳ ᠬᠡᠮᠵᠢᠭᠦᠷᠯᠢᠭ᠎ᠤᠨ ᠵᠢᠯ᠎ᠤᠨ ᠳᠤᠮᠳᠠᠴᠢ ᠭᠠᠳᠠᠭ᠋ᠠᠳᠤ᠎ᠳᠤ ᠦᠢᠯᠡᠴᠢᠯᠡᠬᠦ ᠴᠠᠭ ᠬᠢᠭᠡᠳ ᠵᠢᠯ᠎ᠤᠨ ᠳᠤᠮᠳᠠᠴᠢ ᠠᠵᠢᠯᠯᠠᠬᠤ ᠴᠠᠭ᠎ᠯᠤᠭ᠎ᠠ ᠵᠢᠨ ᠬᠠᠷᠢᠴᠠᠯ᠎ᠤᠨ ᠬᠡᠮᠵᠢᠭᠳᠡᠯ (%)᠎ᠢ ᠵᠢᠭ᠋ᠠᠵᠤ ᠪᠣᠶ  ᠃
 4. ᠦᠢ᠍ᠯᠡᠴᠢᠯᠡᠭᠡᠨ᠎ᠤ ᠣᠷᠣᠯᠭ᠎ᠠ  ᠃ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤ᠎ᠳᠤ᠎ᠪᠠᠨ ᠭᠥᠷᠳᠡᠬᠦ ᠰᠦᠯᠵᠢᠶᠡᠨ᠎ᠤ ᠬᠠᠮᠢᠶᠠᠷᠤᠯᠲᠠ ᠵᠢᠨ ᠲᠠᠪᠴᠠᠩ ᠵᠶ᠋ᠠᠷ ᠳᠠᠮᠵᠢᠭᠤᠯᠤᠨ ᠦᠢᠯᠡᠴᠢᠯᠡᠭᠡᠨ᠎ᠤ ᠣᠨ᠎ᠤ ᠭᠠᠳᠠᠭ᠋ᠠᠳᠤ ᠦᠢᠯᠡᠴᠢᠯᠡᠭᠡ ᠵᠢᠨ ᠶᠡᠷᠦᠩᠬᠡᠶ ᠣᠷᠣᠯᠭ᠎ᠠ ᠵᠢ ᠵᠢᠭ᠋ᠠᠵᠤ ᠪᠣᠶ  ᠃
 (ᠭᠤᠷᠪᠠ) ᠦᠢᠯᠡᠴᠢᠯᠡᠭᠡᠨ᠎ᠤ ᠦᠷ᠎ᠡ ᠪᠦᠲᠦᠮᠵᠢ
  ᠡᠭᠦᠨ᠎ᠳᠤ ᠬᠣᠯᠪᠣᠭᠳᠠᠬᠤ ᠪᠤᠰᠤ ᠨᠢᠭᠡᠴᠡ᠂ ᠰᠢᠨ᠎ᠡ ᠵᠢ ᠡᠭᠦᠳᠦᠨ ᠠᠳᠠᠯ ᠦᠢᠯᠡᠰ ᠴᠣᠭᠴᠠᠯᠠᠬᠤ ᠪᠦᠯᠬᠦᠮ ᠨᠡᠢ᠌ᠲᠡ᠂ ᠬᠤᠪᠢ ᠬᠥᠮᠦᠨ ᠵᠡᠷᠭᠡ᠎ᠳᠤ ᠦᠢᠯᠡᠴᠢᠯᠡᠬᠦ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠡᠭᠦᠷᠭᠡ ᠵᠢᠨ ᠪᠠᠢ᠌ᠳᠠᠯ ᠵᠢᠴᠢ ᠬᠠᠮᠢᠶ᠎ᠠ ᠪᠥᠬᠥᠶ ᠰᠤᠳᠤᠯᠭ᠋ᠠᠨ᠎ᠤ ᠦᠷ᠎ᠡ ᠪᠦᠲᠦᠭᠡᠯ᠎ᠤᠨ ᠭᠠᠷᠭ᠋ᠠᠯᠲᠠ᠂ ᠬᠢᠷᠢ ᠬᠡᠮᠵᠢᠶ᠎ᠡ ᠬᠢᠭᠡᠳ ᠬᠤᠪᠢ ᠨᠡᠮᠡᠷᠢ᠂ ᠬᠡᠷᠡᠭᠯᠡᠭᠴᠢ ᠵᠢᠨ ᠦᠨᠡᠯᠡᠯᠲᠡ ᠵᠢᠨ ᠪᠠᠢ᠌ᠳᠠᠯ ᠵᠡᠷᠭᠡ ᠪᠠᠭᠲᠠᠨ᠎ᠠ  ᠃
  ᠵᠢᠷᠭᠤᠳᠤᠭ᠋ᠠᠷ ᠵᠦᠢᠯ ᠦᠨᠡᠯᠡᠵᠦ ᠰᠢᠯᠭ᠋ᠠᠨ ᠬᠢᠨᠠᠬᠤ ᠠᠵᠢᠯ᠎ᠳᠤ ᠨᠢᠭᠡᠴᠢ ᠵᠢᠨ ᠥᠪᠡᠰᠦᠪᠡᠨ ᠦᠨᠡᠯᠡᠬᠦ ᠪᠠ ᠶᠡᠷᠦᠩᠬᠡᠢ᠌ᠯᠡᠨ ᠦᠨᠡᠯᠡᠵᠦ ᠰᠢᠯᠭ᠋ᠠᠨ ᠬᠢᠨᠠᠬᠤ ᠵᠢ ᠬᠠᠷᠢᠯᠴᠠᠨ ᠤᠶᠠᠯᠳᠤᠭᠤᠯᠤᠭᠰᠠᠨ ᠠᠵᠢᠯ᠎ᠤᠨ ᠲᠣᠭᠲᠠᠴᠠ ᠵᠢ ᠬᠡᠷᠡᠭᠵᠢᠭᠦᠯᠦᠨ᠎ᠡ  ᠃ ᠶᠡᠷᠦᠩᠬᠡᠢ᠌ᠯᠡᠨ ᠦᠨᠡᠯᠡᠵᠦ ᠰᠢᠯᠭ᠋ᠠᠨ ᠬᠢᠨᠠᠬᠤ ᠳᠤᠮᠳᠠ᠂ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤ᠎ᠳᠤ᠎ᠪᠠᠨ ᠭᠥᠷᠳᠡᠬᠦ ᠰᠦᠯᠵᠢᠶᠡᠨ᠎ᠤ ᠬᠠᠮᠢᠶᠠᠷᠤᠯᠲᠠ ᠵᠢᠨ ᠲᠠᠪᠴᠠᠩ᠎ᠤᠨ ᠲᠡᠮᠳᠡᠭᠯᠡᠭᠰᠡᠨ ᠪᠤᠰᠤᠳᠴᠢ ᠲᠣᠭ᠎ᠠ ᠪᠠᠷᠢᠮᠲᠠ ᠵᠢ ᠭᠦᠢᠴᠡᠳ ᠠᠰᠢᠭᠯᠠᠨ᠂ ᠰᠢᠯᠭ᠋ᠠᠨ ᠬᠢᠨᠠᠭᠰᠠᠨ ᠦᠷ᠎ᠡ ᠳ᠋ᠦᠩ᠎ᠤᠨ ᠦᠨᠡᠨ ᠪᠣᠳᠠᠲᠠᠶ ᠪᠥᠭᠡᠳ ᠦᠷ᠎ᠡ ᠪᠦᠲᠦᠮᠵᠢᠲᠡᠶ ᠪᠠᠢ᠌ᠬᠤ ᠵᠢ ᠦᠨᠡᠨᠬᠦ ᠪᠠᠲᠤᠯᠠᠬᠤ ᠬᠡᠷᠡᠭᠲᠡᠶ  ᠃
  ᠳᠣᠯᠣᠳᠤᠭ᠋ᠠᠷ ᠵᠦᠢᠯ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠳᠡᠭᠡᠷ᠎ᠡ ᠨᠢᠭᠡ ᠵᠢᠯ᠎ᠤᠨ ᠦᠨᠡᠯᠡᠵᠦ ᠰᠢᠯᠭ᠋ᠠᠨ ᠬᠢᠨᠠᠭᠰᠠᠨ ᠦᠷ᠎ᠡ ᠳ᠋ᠦᠩ ᠪᠠ ᠡᠯ᠎ᠡ ᠨᠢᠭᠡᠴᠡ ᠵᠢᠨ ᠪᠣᠳᠠᠲᠤ ᠪᠠᠢ᠌ᠳᠠᠯ᠎ᠲᠠᠢ ᠤᠶᠠᠯᠳᠤᠭᠤᠯᠤᠨ᠂ ᠣᠨ᠎ᠤ ᠦᠨᠡᠯᠡᠵᠦ ᠰᠢᠯᠭ᠋ᠠᠨ ᠬᠢᠨᠠᠭᠰᠠᠨ ᠨᠢᠭᠡᠴᠡ ᠵᠢᠨ ᠬᠦᠷᠢᠶ᠎ᠡ ᠬᠡᠪᠴᠢᠶ᠎ᠡ ᠵᠢ ᠲᠣᠭᠲᠠᠭ᠋ᠠᠵᠤ᠂ ᠲᠤᠰ ᠵᠢᠯ᠎ᠤᠨ ᠦᠨᠡᠯᠡᠵᠦ ᠰᠢᠯᠭ᠋ᠠᠨ ᠬᠢᠨᠠᠬᠤ ᠠᠵᠢᠯ᠎ᠢ ᠵᠣᠬᠢᠶᠠᠨ ᠪᠠᠢ᠌ᠭᠤᠯᠤᠨ ᠥᠷᠨᠢᠭᠦᠯᠬᠦ ᠬᠡᠷᠡᠭᠲᠡᠶ  ᠃ ᠪᠣᠳᠠᠲᠠᠢ ᠠᠵᠢᠯ᠎ᠤᠨ ᠶᠠᠪᠤᠴᠠ᠎ᠨᠢ ᠳᠣᠣᠷᠠᠬᠢ ᠮᠡᠲᠦ᠄
 (ᠨᠢᠭᠡ) ᠮᠡᠳᠡᠭᠳᠡᠯ ᠨᠡᠢ᠌ᠲᠡᠯᠡᠬᠦ  ᠃ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ ᠦᠨᠡᠯᠡᠵᠦ ᠰᠢᠯᠭ᠋ᠠᠨ ᠬᠢᠨᠠᠬᠤ ᠮᠡᠳᠡᠭᠳᠡᠯ᠎ᠢ ᠨᠡᠢ᠌ᠲᠡᠯᠡᠵᠦ᠂ ᠦᠨᠡᠯᠡᠵᠦ ᠰᠢᠯᠭ᠋ᠠᠨ ᠬᠢᠨᠠᠬᠤ ᠪᠣᠳᠠᠲᠠᠶ ᠠᠭᠤᠯᠭ᠎ᠠ ᠪᠠ ᠱᠠᠭ᠋ᠠᠷᠳᠠᠯᠭ᠎ᠠ ᠵᠢ ᠲᠣᠳᠣᠷᠬᠠᠢ᠌ᠯᠠᠪᠠ  ᠃
 (ᠬᠣᠶᠠᠷ) ᠲᠤᠰᠢᠶᠠᠬᠤ ᠮᠠᠲ᠋ᠧᠷᠢᠶᠠᠯ  ᠃ ᠦᠨᠡᠯᠡᠵᠦ ᠰᠢᠯᠭ᠋ᠠᠨ ᠬᠢᠨᠠᠬᠤ ᠨᠢᠭᠡᠴᠡ᠎ᠨᠢ ᠦᠨᠡᠯᠡᠵᠦ ᠰᠢᠯᠭ᠋ᠠᠨ ᠬᠢᠨᠠᠬᠤ ᠮᠡᠳᠡᠭᠳᠡᠯ᠎ᠤᠨ ᠱᠠᠭ᠋ᠠᠷᠳᠠᠯᠭ᠎ᠠ ᠶᠣᠰᠣᠭ᠋ᠠᠷ᠂ ᠥᠪᠡᠰᠦᠪᠡᠨ ᠦᠨᠡᠯᠡᠬᠦ ᠵᠢ ᠥᠷᠨᠢᠭᠦᠯᠬᠦ ᠵᠢᠨ ᠬᠠᠮᠲᠤ᠂ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤᠪᠠᠷ ᠭᠥᠷᠳᠡᠬᠦ ᠲᠣᠤᠷ ᠰᠦᠯᠵᠢᠶ᠎ᠡ ᠵᠢᠨ ᠬᠠᠮᠢᠶᠠᠷᠤᠯᠲᠠ ᠵᠢᠨ ᠲᠠᠪᠴᠠᠩ᠎ᠳᠤ ᠲᠦᠰᠢᠭᠯᠡᠨ ᠥᠪᠡᠰᠦᠪᠡᠨ ᠦᠨᠡᠯᠡᠭᠰᠡᠨ ᠮᠡᠳᠡᠭᠦᠯᠦᠯᠲᠡ᠎ᠪᠠᠨ ᠲᠤᠰᠢᠶᠠᠬᠤ ᠬᠡᠷᠡᠭᠲᠡᠶ  ᠃
 (ᠭᠤᠷᠪᠠ) ᠲᠥᠪᠯᠡᠷᠡᠭᠦᠯᠦᠨ ᠬᠢᠨᠠᠨ ᠬᠠᠷᠭᠤᠭᠤᠯᠬᠤ  ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠵᠢ ᠡᠭᠦᠳᠬᠦ ᠬᠥᠭᠵᠢᠯᠲᠡ ᠵᠢᠨ ᠲᠥᠪ᠎ᠠᠴᠠ ᠡᠯ᠎ᠡ ᠨᠢᠭᠡᠴᠢ ᠵᠢᠨ ᠲᠤᠰᠢᠶᠠᠭᠰᠠᠨ ᠥᠪᠡᠷ ᠵᠶ᠋ᠡᠨ ᠦᠨᠡᠯᠡᠭᠰᠡᠨ ᠮᠡᠳᠡᠭᠦᠯᠦᠯᠲᠡ ᠵᠢ ᠥᠪᠡᠷᠲᠡᠭᠡᠨ ᠵᠠᠰᠠᠬᠤ ᠣᠷᠣᠨ᠎ᠤ ᠨᠡᠭᠡᠭᠡᠯᠲᠡ ᠬᠢᠵᠦ ᠬᠠᠮᠲᠤ᠎ᠪᠠᠷ ᠭᠥᠷᠳᠡᠬᠦ ᠰᠦᠯᠵᠢᠶᠡᠨ᠎ᠤ ᠬᠠᠮᠢᠶᠠᠷᠤᠯᠲᠠ ᠵᠢᠨ ᠲᠠᠪᠴᠠᠩ᠎ᠲᠠᠢ ᠤᠶᠠᠯᠳᠤᠭᠤᠯᠤᠨ ᠪᠤᠰᠤᠳᠴᠢ ᠲᠣᠭ᠎ᠠ ᠪᠠᠷᠢᠮᠲᠠ ᠵᠢ ᠦᠨᠡᠯᠡᠬᠦ᠎ᠠᠴᠠ ᠡᠮᠦᠨ᠎ᠡ ᠬᠢᠨᠠᠨ ᠬᠠᠷᠭᠤᠭᠤᠯᠬᠤ ᠵᠢᠨ ᠬᠠᠮᠲᠤ᠂ ᠲᠤᠰᠬᠠᠶ ᠮᠡᠷᠭᠡᠵᠢᠯᠲᠡᠨ᠎ᠢ ᠵᠣᠬᠢᠶᠠᠨ ᠪᠠᠢ᠌ᠭᠤᠯᠵᠤ ᠦᠨᠡᠯᠡᠯᠲᠡ ᠬᠢᠵᠦ ᠰᠢᠯᠭ᠋ᠠᠨ ᠬᠢᠨᠠᠬᠤ ᠭᠦᠢᠴᠡᠳᠬᠡᠯ ᠲᠣᠭ᠎ᠠ ᠵᠢᠨ ᠰᠢᠰᠲ᠋ᠧᠮᠵᠢ᠎ᠲᠠᠢ ᠬᠠᠷᠢᠴᠠᠭᠤᠯᠤᠨ ᠶᠡᠷᠦᠩᠬᠡᠢ᠌ᠯᠡᠭᠰᠡᠨ ᠦᠨᠡᠯᠡᠯᠲᠡ ᠬᠢᠨ᠎ᠠ  ᠃
 (ᠳᠥᠷᠪᠡ) ᠲᠤᠬᠠᠶ ᠵᠢᠨ ᠲᠠᠯᠠᠪᠠᠶ᠎ᠳᠤ ᠬᠢᠨᠠᠨ ᠪᠠᠢ᠌ᠴᠠᠭ᠋ᠠᠬᠤ  ᠃ ᠲᠥᠪᠯᠡᠷᠡᠭᠦᠯᠦᠨ ᠬᠢᠨᠠᠨ ᠬᠠᠷᠭᠤᠭᠤᠯᠤᠭᠰᠠᠨ ᠰᠠᠭᠤᠷᠢᠨ ᠳᠡᠭᠡᠷ᠎ᠡ᠂ ᠬᠡᠪ᠎ᠤᠨ ᠪᠤᠰᠤ ᠪᠠᠢ᠌ᠳᠠᠯ ᠣᠷᠣᠰᠢᠵᠤ ᠪᠠᠢ᠌ᠭ᠎ᠠ ᠨᠢᠭᠡᠴᠡ᠎ᠳᠤ ᠴᠢᠭᠯᠡᠭᠦᠯᠦᠯᠲᠦ ᠴᠢᠨᠠᠷᠲᠠᠶ᠎ᠪᠠᠷ ᠲᠤᠬᠠᠶ ᠵᠢᠨ ᠭᠠᠵᠠᠷ᠎ᠲᠤᠨᠢ ᠬᠠᠷᠭᠤᠭᠤᠯᠤᠨ ᠪᠠᠢ᠌ᠴᠠᠭ᠋ᠠᠬᠤ ᠠᠵᠢᠯ᠎ᠢ ᠥᠷᠨᠢᠭᠦᠯᠵᠦ᠂ ᠪᠠᠭ᠋ᠠᠵᠢ ᠬᠡᠷᠡᠭᠰᠡᠯ᠎ᠤᠨ ᠠᠵᠢᠯᠯᠠᠭ᠋ᠠᠨ᠎ᠤ ᠲᠡᠮᠳᠡᠭᠯᠡᠯ ᠵᠡᠷᠭᠡ ᠵᠢ ᠭᠣᠤᠯᠳᠠᠯᠭ᠎ᠠ᠎ᠲᠠᠢ ᠬᠠᠷᠭᠤᠭᠤᠯᠤᠨ ᠪᠠᠢ᠌ᠴᠠᠭ᠋ᠠᠨ᠎ᠠ  ᠃
  ᠨᠠᠢᠮᠠᠳᠤᠭ᠋ᠠᠷ ᠵᠦᠢᠯ ᠶᠡᠷᠦᠩᠬᠡᠢ᠌ᠯᠡᠨ ᠲᠥᠪᠯᠡᠷᠡᠭᠦᠯᠵᠦ ᠬᠢᠨᠠᠨ ᠰᠢᠯᠭ᠋ᠠᠵᠤ ᠦᠨᠡᠯᠡᠬᠦ ᠪᠠ ᠲᠤᠬᠠᠶ ᠵᠢᠨ ᠭᠠᠵᠠᠷ᠎ᠲᠤᠨᠢ ᠬᠢᠨᠠᠨ ᠪᠠᠢ᠌ᠴᠠᠭ᠋ᠠᠭᠰᠠᠨ ᠪᠠᠢ᠌ᠳᠠᠯ᠎ᠢ ᠶᠡᠷᠦᠩᠬᠡᠢ᠌ᠯᠡᠨ ᠬᠤᠪᠢ ᠲᠣᠭᠲᠠᠭ᠋ᠠᠵᠤ ᠵᠢᠭᠰᠠᠭ᠋ᠠᠬᠤ ᠵᠢᠨ ᠬᠠᠮᠲᠤ ᠦᠨᠡᠯᠡᠵᠦ ᠰᠢᠯᠭ᠋ᠠᠨ ᠬᠢᠨᠠᠭᠰᠠᠨ ᠦᠷ᠎ᠡ ᠳ᠋ᠦᠩ᠎ᠢ ᠲᠣᠭᠲᠠᠭ᠋ᠠᠨ᠎ᠠ  ᠃ ᠰᠢᠯᠭ᠋ᠠᠨ ᠬᠢᠨᠠᠭᠰᠠᠨ ᠦᠷ᠎ᠡ ᠳ᠋ᠦᠩ᠎ᠢ ᠰᠢᠯᠢᠳᠡᠭ᠂ ᠰᠠᠢ᠌ᠨ᠂ ᠬᠢᠷᠢ ᠲᠡᠩᠴᠡᠭᠰᠡᠨ᠂ ᠬᠢᠷᠢ ᠲᠡᠩᠴᠡᠭᠰᠡᠨ ᠥᠬᠡᠶ ᠵᠡᠷᠭᠡ ᠳᠥᠷᠪᠡᠨ ᠳᠡᠰ ᠬᠤᠪᠢᠶᠠᠨ᠎ᠠ  ᠃
  ᠬᠤᠳᠠᠯ ᠬᠡᠯᠡᠵᠦ ᠬᠠᠭᠤᠷᠮᠠᠭᠯᠠᠨ ᠵᠣᠬᠢᠶᠠᠬᠤ ᠵᠡᠷᠭᠡ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠦᠨᠡᠨᠴᠢ ᠢᠲᠡᠭᠡᠮᠵᠢ ᠵᠢᠨ ᠱᠠᠭ᠋ᠠᠷᠳᠠᠯᠭ᠎ᠠ᠎ᠠᠴᠠ ᠵᠥᠷᠢᠴᠡᠭᠰᠡᠨ ᠠᠰᠠᠭᠤᠳᠠᠯ ᠣᠷᠣᠰᠢᠵᠤ ᠪᠠᠢ᠌ᠪᠠᠯ᠂ ᠲᠤᠬᠠᠢ ᠵᠢᠨ ᠵᠢᠯ᠎ᠳᠤ 《ᠬᠢᠷᠢ ᠲᠡᠩᠴᠡᠬᠦ ᠦᠭᠡᠢ》 ᠵᠡᠷᠭᠡ᠎ᠪᠠᠷ ᠦᠨᠡᠯᠡᠵᠦ᠂ ᠬᠣᠯᠪᠣᠭᠳᠠᠯ ᠪᠦᠬᠦᠢ ᠨᠢᠭᠡᠴᠢ ᠵᠢᠨ ᠵᠣᠬᠢᠬᠤ ᠬᠤᠭᠤᠴᠠᠭ᠋ᠠᠨ᠎ᠳᠤ ᠦᠨᠡᠯᠡᠯᠲᠡ ᠬᠢᠨᠠᠨ ᠰᠢᠯᠭ᠋ᠠᠯᠲᠠ᠎ᠳᠤ ᠣᠷᠣᠯᠴᠠᠬᠤ ᠬᠢᠷᠢ ᠬᠡᠮ᠎ᠢ᠎ᠨᠢ ᠬᠦᠴᠦᠨ ᠦᠭᠡᠢ ᠪᠣᠯᠭ᠋ᠠᠬᠤ ᠵᠢᠨ ᠬᠠᠮᠲᠤ ᠲᠡᠰ ᠳᠠᠷᠠᠭ᠋ᠠᠯᠠᠯ ᠶᠣᠰᠣᠭ᠋ᠠᠷ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠦᠨᠡᠨᠴᠢ ᠢᠲᠡᠭᠡᠮᠵᠢ ᠵᠢᠨ ᠢᠲᠡᠭᠡᠮᠵᠢ ᠠᠯᠳᠠᠭᠰᠠᠨ ᠲᠡᠮᠳᠡᠭᠯᠡᠯ᠎ᠳᠤ ᠣᠷᠣᠭᠤᠯᠤᠨ᠎ᠠ  ᠃
  ᠶᠢᠰᠦᠳᠦᠭᠡᠷ ᠵᠦᠢᠯ ᠰᠢᠯᠭ᠋ᠠᠨ ᠬᠢᠨᠠᠭᠰᠠᠨ ᠦᠷ᠎ᠡ ᠳ᠋ᠦᠩ᠎ᠨᠢ ᠰᠢᠯᠢᠳᠡᠭ ᠪᠠ ᠰᠠᠢ᠌ᠨ ᠰᠠᠢ᠌ᠬᠠᠨ ᠬᠠᠮᠢᠶᠠᠷᠤᠯᠲᠠ ᠵᠢᠨ ᠨᠢᠭᠡᠴᠡ ᠪᠠᠢ᠌ᠪᠠᠯ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠰᠠᠭᠤᠷᠢ ᠪᠡᠯᠡᠳᠬᠡᠮᠵᠢ ᠪᠠ ᠲᠣᠮᠣ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ᠎ᠢ ᠴᠢᠯᠥᠭᠡᠲᠡᠶ ᠲᠠᠯᠪᠢᠵᠤ ᠬᠠᠮᠲᠤᠪᠠᠷ ᠬᠦᠷᠲᠡᠬᠦ ᠬᠠᠮᠢᠶᠠᠷᠤᠯᠲᠠ ᠵᠢᠨ ᠠᠷᠭ᠎ᠠ (ᠲᠤᠷᠰᠢᠨ ᠬᠡᠷᠡᠭᠵᠢᠭᠦᠯᠬᠦ)》 ᠵᠢᠨ ᠲᠣᠭᠲᠠᠭ᠋ᠠᠯ ᠶᠣᠰᠣᠭ᠋ᠠᠷ ᠲᠤᠰᠠᠯᠠᠮᠵᠢ ᠳᠡᠮᠵᠢᠯᠭᠡ ᠣᠯᠭᠣᠵᠤ᠂ ᠲᠤᠰᠠᠯᠠᠮᠵᠢ ᠵᠢᠨ ᠪᠡᠯᠡ ᠮᠥᠩᠭᠥ ᠵᠢ ᠣᠳᠣ ᠵᠢᠨ ᠪᠠᠢ᠌ᠭ᠎ᠠ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠤᠰᠬᠠᠶ ᠪᠡᠯᠡ ᠮᠥᠩᠭᠥ ᠵᠢᠨ ᠳᠣᠲᠣᠷ᠎ᠠ᠎ᠠᠴᠠ ᠨᠢᠭᠡᠳᠦᠯᠲᠡᠶ ᠲᠥᠯᠥᠪᠯᠡᠨ ᠲᠣᠬᠢᠷᠠᠭᠤᠯᠤᠨ᠎ᠠ  ᠃
  ᠠᠷᠪᠠᠳᠤᠭ᠋ᠠᠷ ᠵᠦᠢᠯ ᠰᠢᠯᠭ᠋ᠠᠨ ᠬᠢᠨᠠᠭᠰᠠᠨ ᠦᠷ᠎ᠡ ᠳ᠋ᠦᠩ᠎ᠳᠤ ᠬᠢᠷᠢ ᠲᠡᠩᠴᠡᠭᠰᠡᠨ ᠦᠭᠡᠶ ᠬᠠᠮᠢᠶᠠᠷᠤᠯᠲᠠ ᠵᠢᠨ ᠨᠢᠭᠡᠴᠡ ᠵᠢ ᠮᠡᠳᠡᠭᠡᠯᠡᠨ ᠰᠢᠭᠦᠮᠵᠢᠯᠡᠵᠦ᠂ ᠬᠤᠭᠤᠴᠠᠭ᠎ᠠ ᠬᠢᠵᠠᠭ᠋ᠠᠷᠯᠠᠨ ᠨᠢᠭᠡ ᠵᠢᠯ ᠴᠡᠭᠴᠡᠯᠡᠨ ᠰᠠᠢ᠌ᠵᠢᠷᠠᠭᠤᠯᠵᠤ᠂ ᠴᠡᠭᠴᠡᠯᠡᠨ ᠰᠠᠢ᠌ᠵᠢᠷᠠᠭᠤᠯᠵᠤ ᠳᠠᠭᠤᠰᠤᠭᠰᠠᠨ᠎ᠤ ᠳᠠᠷᠠᠭ᠎ᠠ ᠰᠠᠶᠢ ᠳᠠᠷᠠᠭ᠎ᠠ ᠨᠢᠭᠡ ᠵᠢᠯ᠎ᠤᠨ ᠦᠨᠡᠯᠡᠯᠲᠡ ᠰᠢᠯᠭ᠋ᠠᠨ ᠬᠢᠨᠠᠯᠲᠠ᠎ᠳᠤ ᠣᠷᠣᠯᠴᠠᠵᠤ ᠪᠣᠯᠬᠤ ᠵᠢᠨ ᠬᠠᠮᠲᠤ᠂ ᠪᠠᠢ᠌ᠳᠠᠯ᠎ᠢ᠎ᠨᠢ ᠦᠵᠡᠵᠦ ᠪᠠᠢ᠌ᠭ᠋ᠠᠳ ᠬᠠᠮᠢᠶᠠᠷᠤᠯᠲᠠ ᠵᠢᠨ ᠨᠢᠭᠡᠴᠡ ᠵᠢᠨ ᠬᠤᠳᠠᠯᠳᠤᠨ ᠠᠪᠤᠭᠰᠠᠨ ᠪᠡᠯᠡ ᠮᠥᠩᠭᠥ ᠵᠢ᠎ᠨᠢ ᠬᠢᠨᠠᠨ ᠬᠠᠰᠤᠬᠤ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠥᠯᠥᠪᠯᠡᠭᠡ ᠵᠢᠨ ᠲᠥᠷᠥᠯ ᠵᠦᠢᠯ᠎ᠢ ᠭᠤᠶᠤᠴᠢᠯᠠᠨ ᠮᠡᠳᠡᠭᠦᠯᠬᠦ᠎ᠳᠤ ᠬᠡᠮᠵᠢᠭᠦᠷᠯᠢᠭ ᠲᠥᠬᠥᠭᠡᠷᠦᠮᠵᠢ ᠬᠤᠳᠠᠯᠳᠤᠨ ᠠᠪᠬᠤ ᠵᠢ ᠬᠢᠵᠠᠭ᠋ᠠᠷᠯᠠᠬᠤ ᠵᠡᠷᠭᠡ ᠠᠷᠭ᠎ᠠ ᠬᠡᠮᠵᠢᠶ᠎ᠡ ᠠᠪᠴᠤ ᠬᠢᠵᠠᠭ᠋ᠠᠷᠯᠠᠨ᠎ᠠ  ᠃
  ᠠᠷᠪᠠᠨ ᠨᠢᠭᠡᠳᠦᠭᠡᠷ ᠵᠦᠢᠯ ᠦᠷᠭᠦᠯᠵᠢᠯᠡᠨ ᠬᠣᠶᠠᠷ ᠤᠳᠠᠭ᠎ᠠ ᠦᠨᠡᠯᠡᠯᠲᠡ ᠬᠢᠵᠦ ᠰᠢᠯᠭ᠋ᠠᠨ ᠬᠢᠨᠠᠭᠰᠠᠨ ᠦᠷ᠎ᠡ ᠳ᠋ᠦᠩ᠎ᠨᠢ ᠬᠢᠷᠢ ᠲᠡᠩᠴᠡᠬᠦ ᠦᠭᠡᠢ ᠨᠢᠭᠡᠴᠡ ᠵᠢ ᠬᠠᠮᠢᠶ᠎ᠠ ᠪᠦᠬᠦᠶ ᠭᠣᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ ᠬᠡᠷᠡᠭᠴᠡᠭᠡ᠎ᠪᠠᠨ ᠦᠨᠳᠦᠰᠦᠯᠡᠨ᠂ ᠬᠠᠮᠢᠶ᠎ᠠ ᠪᠦᠬᠦᠶ ᠲᠣᠭᠲᠠᠭ᠋ᠠᠯ ᠶᠣᠰᠣᠭ᠋ᠠᠷ ᠲᠡᠳᠡᠭᠡᠷ᠎ᠤᠨ ᠨᠡᠢ᠌ᠳᠡᠮ ᠬᠡᠷᠡᠭᠯᠡᠭᠡᠨ᠎ᠤ ᠴᠢᠨᠠᠷ ᠵᠶ᠋ᠠᠷ ᠴᠢᠩᠭ᠎ᠠ ᠪᠣᠯᠪᠠᠴᠤ ᠬᠡᠷᠡᠭᠯᠡᠬᠦ ᠨᠤᠷᠮ᠎ᠠ᠎ᠨᠢ ᠨᠡᠯᠢᠶᠡᠳ ᠳᠣᠤᠷ᠎ᠠ᠂ ᠨᠡᠭᠡᠭᠡᠯᠲᠡ ᠬᠢᠵᠦ ᠬᠠᠮᠲᠤᠪᠠᠷ ᠬᠦᠷᠲᠡᠬᠦ᠎ᠪᠠᠷ ᠠᠨᠠᠶ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠡᠮᠵᠢᠭᠦᠷᠯᠢᠭ᠎ᠢ ᠰᠠᠯᠠᠭ᠎ᠠ ᠮᠥᠴᠢᠷ᠎ᠤᠨ ᠳᠣᠲᠣᠷ᠎ᠠ ᠪᠤᠶᠤ ᠰᠠᠯᠠᠭ᠎ᠠ ᠮᠥᠴᠢᠷ ᠠᠯᠤᠰᠯᠠᠨ ᠦᠨ᠎ᠡ ᠲᠥᠯᠥᠪᠦᠷᠢ ᠦᠭᠡᠶ᠎ᠪᠠᠷ ᠬᠤᠪᠢᠶᠠᠷᠢᠯᠠᠨ ᠰᠠᠯᠭ᠋ᠠᠵᠤ ᠥᠭᠬᠦ ᠪᠤᠶᠤ ᠬᠠᠮᠢᠶᠠᠷᠤᠯᠲᠠ ᠵᠢᠨ ᠨᠢᠭᠡᠴᠡ ᠵᠢᠨ ᠳᠣᠲᠣᠭ᠋ᠠᠳᠤ᠎ᠳᠠᠭᠠᠨ ᠲᠣᠬᠢᠷᠠᠭᠤᠯᠤᠨ᠎ᠠ  ᠃
  ᠠᠷᠪᠠᠨ ᠬᠣᠶᠠᠳᠤᠭ᠋ᠠᠷ ᠵᠦᠢᠯ ᠲᠤᠰ ᠨᠠᠷᠢᠨ ᠳᠦᠷᠢᠮ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠬᠠᠷᠢᠭᠤᠴᠠᠨ ᠲᠠᠢ᠌ᠯᠪᠤᠷᠢᠯᠠᠨ᠎ᠠ  ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠤᠰ ᠱᠠᠲᠤᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠤᠰᠬᠠᠶ ᠵᠦᠢᠯ᠎ᠤᠨ ᠪᠡᠯᠡ ᠮᠥᠩᠭᠥ ᠵᠢᠨ ᠬᠠᠮᠢᠶᠠᠷᠤᠯᠲᠠ ᠵᠢᠨ ᠠᠷᠭ᠎ᠠ
 
            
Baidu
map