ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠰᠣᠨᠢᠨ ᠮᠡᠳᠡᠭᠡ   -   ᠵᠠᠭᠤᠴᠢᠯᠠᠭᠤᠷ᠎ᠤᠨ ᠲᠥᠪᠯᠡᠷᠡᠯ
ᠪᠤᠭᠤᠲᠤ ᠵᠢᠨ ᠪᠣᠯᠣᠳ ᠲᠡᠮᠦᠷ᠎ᠤᠨ ᠬᠠᠲᠠᠭᠤ ᠪᠡᠶᠡᠲᠦ ᠬᠠᠶᠠᠭᠳᠠᠮᠠᠯ ᠪᠣᠳᠠᠰ᠎ᠢ ᠡᠬᠢ ᠪᠠᠶᠠᠯᠢᠭᠵᠢᠭᠤᠯᠤᠨ ᠳᠠᠬᠢᠨ ᠠᠰᠢᠭᠯᠠᠬᠤ ᠰᠢᠨ᠎ᠡ ᠦᠷ᠎ᠡ ᠪᠦᠲᠦᠭᠡᠯ ᠣᠯᠪᠠ
ᠨᠡᠶ᠋ᠢᠲᠡᠯᠡᠭᠰᠡᠨ ᠴᠠᠭ᠄ 2023-02-08


    ᠭᠠᠳᠠᠷ ᠬᠡᠯᠪᠡᠷᠢ᠎ᠨᠢ ᠭᠣᠮ ᠰᠠᠪᠠᠭ᠎ᠠ ᠰᠢᠭ᠂ ᠳᠤᠷ᠎ᠠ ᠵᠢᠨ ᠬᠡᠮᠵᠢᠶ᠎ᠡ᠎ᠪᠠᠷ ᠨᠤᠭᠤᠯᠵᠤ ᠪᠣᠯᠬᠤ ᠮᠥᠷᠲᠡᠭᠡᠨ ᠴᠢᠩᠭ᠎ᠠ ᠰᠣᠷᠢᠨᠵᠢᠨ ᠴᠢᠨᠠᠷᠲᠠᠶ᠎ᠪᠠᠷ ᠬᠥᠯᠳᠡᠭᠡᠭᠦᠷ᠂ ᠮᠠᠰᠢᠨ ᠲᠡᠷᠭᠡ ᠵᠡᠷᠭᠡ ᠲᠡᠮᠦᠷᠯᠢᠭ᠎ᠤᠨ ᠭᠠᠳᠠᠷ ᠭᠠᠳᠠᠷᠭᠤ᠎ᠳᠤ ᠨᠠᠭ᠋ᠠᠵᠤ ᠪᠣᠯᠤᠨ᠎ᠠ᠂ ᠡᠨᠡ ᠪᠣᠯ ᠳᠠᠷᠤᠶ ᠪᠤᠭᠤᠲᠤ ᠵᠢᠨ ᠪᠣᠯᠣᠳ ᠲᠡᠮᠦᠷ᠎ᠤᠨ ᠰᠲᠷᠤᠨᠲ ᠲᠡᠮᠦᠷ᠎ᠤᠨ ᠬᠦᠴᠢᠯᠲᠥ᠋ᠷᠥᠭᠴᠢ ᠪᠡᠶ᠎ᠡ ᠵᠢ ᠤᠷᠢᠳᠴᠢᠯᠠᠨ ᠰᠢᠲᠠᠭ᠋ᠠᠬᠤ ᠮᠠᠲ᠋ᠧᠷᠢᠶᠠᠯ ᠵᠶ᠋ᠠᠷ ᠵᠣᠬᠢᠶᠠᠭᠰᠠᠨ ᠨᠠᠭ᠋ᠠᠯᠳᠤᠭᠤᠯᠬᠤ ᠰᠣᠷᠢᠨᠵᠢᠨ ᠪᠡᠶ᠎ᠡ ᠪᠣᠯᠤᠨ᠎ᠠ᠂ ᠨᠠᠩ ᠭᠠᠢ᠌ᠬᠠᠯᠲᠠᠶ᠎ᠨᠢ᠂ ᠡᠢ᠌ᠮᠦᠷᠬᠦᠦ ᠰᠣᠷᠢᠨᠵᠢᠨ ᠮᠠᠲ᠋ᠧᠷᠢᠶᠠᠯ᠎ᠨᠢ ᠪᠤᠭᠤᠲᠤ ᠵᠢᠨ ᠪᠣᠯᠣᠳ ᠲᠡᠮᠦᠷ᠎ᠤᠨ 《ᠲᠡᠮᠦᠷ᠎ᠤᠨ ᠢᠰᠦᠯ》᠎ᠠᠴᠠ ᠢᠷᠡᠯᠲᠡ᠎ᠲᠠᠢ ᠶᠤᠮ  ᠃
      ᠪᠤᠭᠤᠲᠤ ᠵᠢᠨ ᠪᠣᠯᠣᠳ ᠲᠡᠮᠦᠷ᠎ᠤᠨ ᠪᠦᠯᠦᠭᠯᠡᠯ ᠪᠣᠯᠤᠨ ᠰᠣᠷᠢᠨᠵᠢᠨ ᠴᠢᠨᠠᠷᠲᠠᠶ ᠮᠠᠲ᠋ᠧᠷᠢᠶᠠᠯ᠎ᠤᠨ ᠬᠣᠯᠪᠣᠭ᠎ᠠ ᠵᠢᠨ ᠲᠤᠬᠠᠶ ᠶᠠᠷᠢᠬᠤ᠎ᠳᠠᠭᠠᠨ᠂ 《ᠲᠣᠭᠲᠠᠮᠠᠯ ᠰᠣᠷᠢᠨᠵᠢᠨ᠎ᠤ ᠸᠠᠩ》 ᠨᠧᠦᠳᠢᠮ ᠲᠡᠮᠦᠷᠲᠦ ᠪᠣᠷ ᠲᠣᠭᠲᠠᠮᠠᠯ ᠰᠣᠷᠢᠨᠵᠢᠨ ᠪᠡᠶ᠎ᠡ ᠭᠡᠳᠡᠭ᠎ᠢ ᠰᠠᠢ᠌ᠨ ᠮᠡᠳᠡᠳᠡᠭ  ᠃ ᠰᠣᠷᠢᠨᠵᠢᠨ ᠴᠠᠭ᠋ᠠᠷᠢᠭ᠎ᠤᠨ 《ᠬᠡᠷ᠎ᠤᠨ ᠠᠲᠠᠷ》᠎ᠤᠨ ᠬᠣᠪᠣᠷ ᠰᠢᠷᠣᠶ ᠵᠢᠨ ᠲᠣᠭᠲᠠᠮᠠᠯ ᠰᠣᠷᠢᠨᠵᠢᠨ᠂ ᠪᠤᠭᠤᠲᠤ ᠵᠢᠨ ᠪᠣᠯᠣᠳ ᠲᠡᠮᠦᠷ᠎ᠤᠨ ᠥᠭᠡᠷ᠎ᠡ ᠨᠢᠭᠡ ᠵᠦᠢᠯ᠎ᠤᠨ ᠰᠣᠷᠢᠨᠵᠢᠨ ᠴᠢᠨᠠᠷᠲᠠᠶ ᠮᠠᠲ᠋ᠧᠷᠢᠶᠠᠯ ᠰᠲᠷᠤᠨᠲ ᠲᠡᠮᠦᠷ᠎ᠤᠨ ᠬᠦᠴᠢᠯᠲᠥ᠋ᠷᠥᠭᠴᠢ ᠪᠡᠶᠡᠲᠦ ᠵᠢᠨ ᠤᠷᠢᠳᠴᠢᠯᠠᠨ ᠰᠢᠲᠠᠭ᠋ᠠᠭᠰᠠᠨ ᠮᠠᠲ᠋ᠧᠷᠢᠶᠠᠯ᠎ᠠᠴᠠ ᠭᠠᠳᠠᠨ᠎ᠠ᠂ ᠪᠠᠰᠠ ᠲᠡᠭᠦᠨ᠎ᠤ ᠰᠢᠯᠢᠳᠡᠭ ᠦᠢᠯᠡᠳᠬᠦᠨ᠎ᠤ ᠴᠢᠳᠠᠮᠵᠢ ᠪᠠ ᠲᠤᠢ᠌ᠯ᠎ᠤᠨ ᠥᠨᠳᠥᠷ ᠴᠢᠨᠠᠷ ᠦᠨ᠎ᠡ ᠵᠢᠨ ᠬᠠᠷᠢᠴᠠᠯ ᠵᠶ᠋ᠠᠷ 《ᠪᠤᠭᠤᠲᠤ ᠵᠢᠨ ᠪᠣᠯᠣᠳ ᠲᠡᠮᠦᠷ᠎ᠤᠨ ᠰᠣᠷᠢᠨᠵᠢᠨ》᠎ᠤ ᠨᠠᠷᠠᠲᠤ ᠲᠡᠮᠳᠡᠭ᠎ᠤᠨ ᠳᠣᠲᠣᠷᠠᠬᠢ ᠨᠢᠭᠡᠨ ᠠᠯᠭᠤᠷ ᠮᠠᠨᠳᠤᠵᠤ ᠪᠠᠢ᠌ᠭ᠎ᠠ ᠠᠵᠤ ᠦᠢᠯᠡᠰ᠎ᠤᠨ ᠣᠳᠣᠨ ᠪᠣᠯᠤᠭᠰᠠᠨ ᠪᠠᠢ᠌ᠨ᠎ᠠ  ᠃
      ᠪᠤᠭᠤᠲᠤ ᠵᠢᠨ ᠪᠤᠯᠤᠳ ᠲᠡᠮᠦᠷ᠎ᠤᠨ ᠺᠣᠮᠫᠠᠨᠢ ᠵᠢᠨ ᠰᠢ ᠴᠤᠸᠠᠩ ᠲᠢᠶᠧ ᠰᠢᠨ ᠰᠣᠷᠢᠨᠵᠢᠨ ᠮᠠᠲ᠋ᠧᠷᠢᠶᠠᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠬᠢᠵᠠᠭ᠋ᠠᠷᠲᠤ ᠺᠣᠮᠫᠠᠨᠢ (ᠳᠣᠷᠣᠭᠰᠢ 《ᠲᠢᠶᠧ ᠰᠢᠨ ᠰᠣᠷᠢᠨᠵᠢᠨ ᠮᠠᠲ᠋ᠧᠷᠢᠶᠠᠯ》 ᠭᠡᠵᠦ ᠲᠣᠪᠴᠢᠯᠠᠨ᠎ᠠ)᠎ᠳᠤ ᠣᠷᠣᠵᠤ᠂ ᠲᠦᠭᠦᠬᠡᠢ ᠮᠠᠲ᠋ᠧᠷᠢᠶᠠᠯ᠎ᠤᠨ ᠲᠣᠭᠣᠷᠢᠭ᠎ᠲᠤ ᠵᠢᠵᠢᠭ ᠠᠭᠤᠯᠠ ᠣᠪᠣᠭ᠋ᠠᠷᠠᠭᠰᠠᠨ 《ᠲᠡᠮᠦᠷ ᠬᠠᠢ᠌ᠷᠰᠤ》 ᠪᠣᠯᠤᠭᠰᠠᠨ ᠪᠥᠭᠡᠳ ᠰᠲᠷᠤᠨᠲ ᠲᠡᠮᠦᠷ᠎ᠤᠨ ᠬᠦᠴᠢᠯᠲᠥ᠋ᠷᠥᠭᠴᠢ ᠪᠡᠶ᠎ᠡ ᠵᠢ ᠤᠷᠢᠳᠴᠢᠯᠠᠨ ᠰᠢᠲᠠᠭ᠋ᠠᠬᠤ ᠲᠦᠭᠦᠬᠡᠢ ᠮᠠᠲ᠋ᠧᠷᠢᠶᠠᠯ ᠶᠠᠭ ᠡᠨᠡ ᠶᠠᠭᠤᠮ᠎ᠠ ᠪᠣᠯᠤᠨ᠎ᠠ  ᠃ ᠲᠢᠶᠧ ᠰᠢᠨ ᠰᠣᠷᠢᠨᠵᠢᠨ ᠮᠠᠲ᠋ᠧᠷᠢᠶᠠᠯ᠎ᠤᠨ ᠺᠣᠮᠫᠠᠨᠢ ᠵᠢᠨ ᠳᠠᠭ᠋ᠠᠭ᠋ᠠᠮᠠᠯ ᠸᠠᠩ ᠮᠢᠨ᠎ᠤ ᠲᠠᠨᠢᠯᠴᠠᠭᠤᠯᠤᠭᠰᠠᠨ ᠵᠶ᠋ᠠᠷ᠂ 《ᠲᠡᠮᠦᠷ ᠬᠠᠢ᠌ᠷᠰᠤ》 ᠭᠡᠳᠡᠭ᠎ᠨᠢ ᠳᠠᠷᠤᠢ ᠪᠤᠭᠤᠲᠤ ᠵᠢᠨ ᠪᠤᠯᠤᠳ ᠬᠡᠪᠰᠢᠭᠦᠯᠬᠦ ᠡᠯ᠎ᠡ ᠦᠢ᠍ᠯᠡᠳᠪᠦᠷᠢ᠎ᠠᠴᠠ ᠭᠠᠷᠳᠠᠭ ᠳᠠᠭ᠋ᠠᠯᠲᠠ ᠪᠦᠲᠦᠭᠡᠭᠳᠡᠬᠦᠨ 《ᠲᠡᠮᠦᠷ ᠢᠯᠲᠠᠰᠤ ᠵᠢᠨ ᠢᠰᠦᠯ》 ᠪᠣᠯᠤᠨ᠎ᠠ᠂ ᠤᠤᠯ᠎ᠨᠢ 《ᠬᠠᠶᠠᠭᠳᠠᠮᠠᠯ ᠮᠠᠲ᠋ᠧᠷᠢᠶᠠᠯ》 ᠪᠠᠢ᠌ᠭᠰᠠᠨ᠂ ᠤᠳᠤ ᠨᠢᠭᠡᠨᠲᠡ ᠰᠲᠷᠤᠨᠲ ᠲᠡᠮᠦᠷ᠎ᠤᠨ ᠬᠦᠴᠢᠯᠲᠥ᠋ᠷᠥᠭᠴᠢ ᠵᠢ ᠤᠷᠢᠳᠴᠢᠯᠠᠨ ᠰᠢᠲᠠᠭ᠋ᠠᠬᠤ ᠭᠣᠣᠯ ᠲᠦᠭᠦᠬᠡᠢ ᠮᠠᠲ᠋ᠧᠷᠢᠶᠠᠯ ᠪᠣᠯᠵᠠᠢ  ᠃
   《ᠤᠤᠯ᠎ᠤᠨ ᠰᠣᠷᠢᠨᠵᠢᠨ ᠴᠢᠨᠠᠷᠲᠠᠶ ᠮᠠᠲ᠋ᠧᠷᠢᠶᠠᠯ ᠦᠢᠯᠡᠳᠪᠦᠷᠢᠯᠡᠵᠦ ᠪᠠᠢ᠌ᠭᠰᠠᠨ ᠴᠢᠬᠤᠯᠠ ᠲᠦᠭᠦᠬᠡᠶ ᠮᠠᠲ᠋ᠧᠷᠢᠶᠠᠯ ᠪᠣᠯ ᠲᠢᠢᠸ ᠬᠣᠩ ᠪᠣᠯᠤᠨ᠎ᠠ᠂ ᠮᠥᠨ ᠴᠦ᠍ ᠪᠣᠯᠣᠳ ᠬᠡᠪᠰᠢᠭᠦᠯᠬᠦ ᠳᠠᠭ᠋ᠠᠯᠲᠠ ᠦᠢᠯᠡᠳᠬᠦᠨ᠎ᠤ ᠨᠢᠭᠡ ᠪᠣᠯᠤᠨ᠎ᠠ᠂ ᠭᠡᠪᠡᠴᠦ ᠲᠦᠭᠦᠬᠡᠶ ᠮᠠᠲ᠋ᠧᠷᠢᠶᠠᠯ᠎ᠤᠨ ᠬᠠᠩᠭ᠋ᠠᠯᠭ᠎ᠠ᠂ ᠶᠠᠰᠤ ᠴᠢᠨᠠᠷ᠎ᠤᠨ ᠠᠰᠠᠭᠤᠳᠠᠯ ᠵᠡᠷᠭᠡ ᠣᠯᠠᠨ ᠲᠠᠯ᠎ᠠ ᠵᠢᠨ ᠬᠦᠴᠦᠨ ᠵᠦᠢᠯ᠎ᠤᠨ ᠨᠥᠯᠥᠭᠡ᠎ᠠᠴᠠ ᠪᠣᠯᠵᠣ᠂ ᠲᠢᠢᠸ ᠰᠢᠨ ᠰᠣᠷᠢᠨᠵᠢᠨ ᠮᠠᠲ᠋ᠧᠷᠢᠶᠠᠯ ᠬᠠᠷᠠᠭ᠋ᠠᠨ ᠥᠨᠴᠥᠭ ᠵᠶ᠋ᠡᠨ ᠨᠠᠩ ᠠᠮᠠᠷᠬᠠᠨ ᠣᠯᠵᠤ᠂ ᠨᠠᠩ ᠶᠡᠬᠡ ᠬᠠᠳᠠᠭ᠋ᠠᠯᠠᠭᠳᠠᠵᠤ ᠪᠠᠢ᠌ᠭ᠎ᠠ 〈ᠲᠡᠮᠦᠷ ᠬᠠ᠊〉᠎ᠳᠤ ᠰᠢᠯᠵᠢᠭᠰᠡᠨ ᠪᠠᠢ᠌ᠨ᠎ᠠ  ᠃ ᠸᠠᠩ ᠮᠢᠨ ᠬᠡᠯᠡᠬᠦ᠎ᠳᠡᠭᠡᠨ᠂ ᠠᠩᠬᠠᠷᠤᠭᠤᠰᠢᠲᠠᠶ᠎ᠨᠢ᠂ 《ᠲᠡᠮᠦᠷ ᠬᠠᠢ᠌ᠷᠰᠤ》᠎ᠪᠠᠷ ᠲᠦᠭᠦᠬᠡᠶ ᠮᠠᠲ᠋ᠧᠷᠢᠶᠠᠯ ᠪᠣᠯᠭ᠋ᠠᠨ ᠦᠢᠯᠡᠳᠪᠦᠷᠢᠯᠡᠬᠦ ᠰᠲᠷᠤᠨᠲ ᠲᠡᠮᠦᠷ᠎ᠤᠨ ᠬᠦᠴᠢᠯᠲᠥ᠋ᠷᠥᠭᠴᠢ ᠪᠡᠶᠡᠲᠦ ᠵᠢᠨ ᠤᠷᠢᠳᠴᠢᠯᠠᠨ ᠰᠢᠲᠠᠭ᠋ᠠᠬᠤ ᠮᠠᠲ᠋ᠧᠷᠢᠶᠠᠯ᠎ᠤᠨ ᠳᠣᠲᠣᠷᠠᠬᠢ ᠲᠤᠷᠰᠢᠯᠲᠠ ᠵᠢᠨ ᠬᠡᠮᠵᠢᠶᠡᠨ᠎ᠤ ᠭᠠᠷᠤᠯᠲᠠ ᠵᠢ ᠨᠢᠭᠡᠨᠲᠡ ᠪᠡᠶᠡᠯᠡᠭᠦᠯᠦᠭᠰᠡᠨ ᠪᠥᠭᠡᠳ ᠲᠤᠷᠰᠢᠯᠲᠠ ᠵᠢᠨ ᠲᠠᠰᠤᠭ᠎ᠤᠨ ᠦᠯᠡᠳᠡᠭᠳᠡᠯ ᠰᠣᠷᠢᠨᠵᠢᠨ᠂ ᠪᠤᠷᠤᠩᠬᠤᠶ ᠬᠦᠴᠦᠨ᠂ ᠲᠥᠷᠥᠯᠬᠢ ᠪᠤᠷᠤᠩᠬᠤᠶ ᠬᠦᠴᠦᠨ ᠵᠡᠷᠭᠡ ᠣᠯᠠᠨ ᠵᠦᠢᠯ᠎ᠤᠨ ᠰᠢᠯᠭ᠋ᠠᠨ ᠪᠠᠢ᠌ᠴᠠᠭ᠋ᠠᠯᠲᠠ᠎ᠪᠠᠷ ᠳᠠᠮᠵᠢᠭ᠋ᠠᠳ᠂ ᠪᠣᠯᠵᠣᠯᠲᠤ ᠲᠣᠭ᠎ᠠ᠎ᠨᠢ ᠴᠥᠮ ᠵᠢᠱ᠌ᠢᠭᠰᠡᠨ ᠬᠠᠷᠠᠯᠲᠠ ᠬᠡᠮᠵᠢᠭᠳᠡᠯ᠎ᠠᠴᠠ ᠥᠨᠳᠥᠷ ᠪᠣᠯᠵᠠᠶ  ᠃
      ᠪᠤᠯᠤᠳ ᠬᠡᠪᠰᠢᠭᠦᠯᠬᠦ ᠠᠵᠢᠯ᠎ᠤᠨ ᠳᠡᠰ ᠳᠠᠷᠠᠭ᠎ᠠ ᠵᠢᠨ ᠦᠢ᠍ᠯᠡᠳᠬᠦᠨ 《ᠲᠡᠮᠦᠷ᠎ᠤᠨ ᠢᠯᠲᠠᠰᠤ ᠵᠢᠨ ᠢᠰᠦᠯ》᠎ᠠᠴᠠ ᠰᠣᠷᠢᠨᠵᠢᠨ ᠮᠠᠲ᠋ᠧᠷᠢᠶᠠᠯ᠎ᠤᠨ ᠠᠵᠢᠯ ᠲᠦᠷᠦᠯ᠎ᠳᠤ ᠥᠷᠭᠡᠨ ᠵᠶ᠋ᠡᠷ ᠬᠡᠷᠡᠭᠯᠡᠭᠳᠡᠬᠦ ᠰᠳ᠋ᠷᠤᠨᠲ ᠲᠡᠮᠦᠷ᠎ᠤᠨ ᠢᠰᠦᠯ᠎ᠢ ᠤᠷᠢᠳᠴᠢᠯᠠᠨ ᠰᠢᠲᠠᠭ᠋ᠠᠬᠤ ᠮᠠᠲᠧᠷᠢᠶᠠᠯ ᠬᠦᠷᠲᠡᠯ᠎ᠡ᠂ ᠬᠠᠲᠠᠭᠤ ᠪᠡᠶᠡᠲᠦ ᠬᠠᠶᠠᠭᠳᠠᠮᠠᠯ ᠪᠣᠳᠠᠰ᠎ᠢ ᠡᠬᠢ ᠪᠠᠶᠠᠯᠢᠭᠵᠢᠭᠤᠯᠤᠨ ᠲᠠᠬᠢᠨ ᠠᠰᠢᠭᠯᠠᠬᠤ᠎ᠨᠢ ᠪᠦᠷ ᠪᠤᠭᠤᠲᠤ ᠵᠢᠨ ᠪᠤᠯᠤᠳ ᠲᠡᠮᠦᠷ᠎ᠤᠨ ᠪᠦᠯᠦᠭᠯᠡᠯ᠎ᠤᠨ ᠪᠣᠬᠢᠷᠲᠤᠯ ᠦᠭᠡᠢ ᠬᠥᠭᠵᠢᠯᠲᠡ ᠵᠢ ᠪᠠᠷᠢᠮᠲᠠᠯᠠᠵᠤ᠂ ᠣᠷᠴᠢᠯ ᠠᠵᠤ ᠠᠬᠤᠢ ᠵᠢᠨ ᠵᠠᠮ ᠵᠶ᠋ᠠᠷ ᠵᠠᠮᠨᠠᠬᠤ ᠴᠢᠬᠤᠯᠠ ᠭᠠᠷᠳᠠᠴᠠ ᠪᠣᠯᠤᠭᠰᠠᠭ᠋ᠠᠷ ᠢᠷᠡᠵᠠᠢ  ᠃ ᠰᠤᠷᠪᠤᠯᠵᠢᠯᠠᠭᠴᠢ ᠵᠢᠨ ᠤᠢ᠍ᠢ᠍ᠯᠠᠭ᠋ᠠᠭᠰᠠᠠ ᠵᠢᠨᠷ᠂ ᠪᠤᠯᠤᠳ ᠲᠡᠮᠦᠷ᠎ᠤᠨ ᠢᠰᠦᠯ᠎ᠨᠢ ᠪᠤᠭᠤᠲᠤ ᠵᠢᠨ ᠪᠤᠯᠤᠳ ᠲᠡᠮᠦᠷ᠎ᠤᠨ ᠪᠦᠯᠦᠭᠯᠡᠯ᠎ᠤᠨ ᠬᠠᠲᠠᠭᠤ ᠪᠡᠶᠡᠲᠦ ᠬᠠᠶᠠᠭᠳᠠᠮᠠᠯ ᠪᠣᠳᠠᠰ᠎ᠤᠨ ᠡᠬᠢ ᠪᠠᠶᠠᠯᠢᠭ ᠪᠣᠯᠤᠭᠰᠠᠨ᠎ᠤ ᠬᠤᠪᠢ᠎ᠳᠤ᠂ ᠵᠢᠯ ᠪᠦᠷᠢ 30 ᠲᠦᠮᠡᠨ ᠲᠣᠨ ᠰᠢᠬᠠᠮ᠎ᠤᠨ ᠭᠠᠷᠤᠯᠲᠠ᠎ᠲᠠᠢ᠂ ᠪᠤᠯᠤᠳ ᠲᠡᠮᠦᠷ᠎ᠢ ᠳᠠᠪᠲᠠᠨ ᠪᠣᠯᠪᠠᠰᠤᠷᠠᠭᠤᠯᠵᠤ ᠪᠤᠴᠠᠭ᠋ᠠᠨ ᠬᠡᠷᠡᠭᠯᠡᠬᠦ᠂ ᠲᠡᠮᠦᠷ᠎ᠤᠨ ᠨᠤᠨᠲᠠᠭ᠎ᠢ ᠦᠢ᠍ᠯᠡᠳᠴᠦ ᠰᠡᠷᠭᠦᠭᠡᠬᠦ᠎ᠠᠴᠠ ᠭᠠᠳᠠᠨ᠎ᠠ᠂ ᠨᠡᠩ ᠥᠷᠭᠡᠨ ᠳᠡᠯᠭᠡᠷ ᠬᠡᠷᠡᠭᠴᠡᠭᠡ ᠵᠢ ᠡᠷᠢᠯᠬᠢᠯᠡᠵᠦ᠂ ᠬᠠᠶᠠᠭᠳᠠᠮᠠᠯ ᠪᠣᠳᠠᠰ᠎ᠢ ᠡᠷᠳᠡᠨᠢ ᠪᠣᠯᠭ᠋ᠠᠵᠤ᠂ ᠭᠠᠯ ᠬᠠᠯᠠᠭᠤᠨ ᠡᠬᠢ ᠪᠠᠶᠠᠯᠢᠭ ᠪᠣᠯᠭ᠋ᠠᠬᠤ ᠪᠥᠭᠡᠳ ᠪᠤᠭᠤᠲᠤ ᠵᠢᠨ ᠪᠤᠯᠤᠳ ᠲᠡᠮᠦᠷ᠎ᠤᠨ ᠪᠦᠯᠦᠭᠯᠡᠯ᠎ᠤᠨ ᠦᠷᠭᠦᠯᠵᠢᠯᠡᠬᠦ ᠬᠥᠭᠵᠢᠯᠲᠡ ᠵᠢ ᠪᠡᠶᠡᠯᠡᠭᠦᠯᠬᠦ ᠰᠢᠨ᠎ᠡ ᠰᠦᠪᠡᠭᠴᠢᠯᠡᠯ ᠪᠣᠯᠤᠨ᠎ᠠ  ᠃
  《ᠰᠲᠷᠤᠨᠲ ᠲᠡᠮᠦᠷ᠎ᠤᠨ ᠬᠦᠴᠢᠯᠲᠥ᠋ᠷᠥᠭᠴᠢ ᠪᠡᠶ᠎ᠡ ᠵᠢ ᠤᠷᠢᠳᠴᠢᠯᠠᠨ ᠰᠢᠲᠠᠭ᠋ᠠᠬᠤ ᠮᠠᠲ᠋ᠧᠷᠢᠶᠠᠯ᠎ᠨᠢ ᠦᠷᠦᠪᠳᠡᠰᠦ᠎ᠪᠠᠷ ᠲᠡᠮᠦᠷᠯᠢᠭ ᠪᠣᠯᠪᠠᠰᠤᠷᠠᠭᠤᠯᠬᠤ ᠰᠠᠭᠤᠷᠢ ᠲᠦᠭᠦᠬᠡᠶ ᠮᠠᠲ᠋ᠧᠷᠢᠶᠠᠯ᠎ᠤᠨ ᠨᠢᠭᠡ ᠪᠣᠯᠤᠭᠰᠠᠨ᠎ᠤ ᠬᠤᠪᠢ᠎ᠳᠤ᠂ ᠮᠠᠰᠢᠨ ᠲᠡᠷᠭᠡᠨ᠎ᠤ ᠠᠵᠤ ᠦᠢᠯᠡᠳᠪᠦᠷᠢ ᠵᠢᠨ ᠴᠠᠬᠢᠯᠭ᠋ᠠᠨᠵᠢᠯᠲᠠ᠂ ᠲᠡᠮᠦᠷ ᠵᠠᠮᠲᠤ ᠵᠠᠮ ᠬᠠᠷᠢᠯᠴᠠᠭ᠎ᠠ᠂ ᠤᠶᠤᠨᠲᠤ ᠬᠣᠲᠠ᠂ ᠠᠵᠤ ᠦᠢᠯᠡᠳᠪᠦᠷᠢ ᠵᠢᠨ ᠡᠯᠧᠺᠲᠷᠣᠨᠵᠢᠯᠲᠠ ᠵᠢ ᠲᠠᠰ ᠳᠡᠪᠰᠢᠭᠦᠯᠬᠦ ᠵᠡᠷᠭᠡ ᠰᠢᠨ᠎ᠡ ᠬᠡᠯᠪᠡᠷᠢ ᠵᠢᠨ ᠵᠠᠬ᠎ᠠ ᠳᠡᠯᠭᠡᠭᠦᠷ᠎ᠤᠨ ᠲᠦᠷᠭᠡᠨ ᠬᠥᠭᠵᠢᠬᠦ ᠵᠢ ᠳᠠᠭ᠋ᠠᠯᠳᠤᠨ᠂ ᠰᠣᠷᠢᠨᠵᠢᠨ ᠴᠢᠨᠠᠷᠲᠠᠶ ᠮᠠᠲ᠋ᠧᠷᠢᠶᠠᠯ᠎ᠤᠨ ᠬᠡᠷᠡᠭᠴᠡᠭᠡ ᠲᠦᠷᠭᠡᠨ ᠨᠡᠮᠡᠭᠳᠡᠵᠦ᠂ ᠰᠣᠷᠢᠨᠵᠢᠨ ᠴᠢᠨᠠᠷᠲᠠᠶ ᠮᠠᠲ᠋ᠧᠷᠢᠶᠠᠯ᠎ᠤᠨ ᠠᠵᠤ ᠦᠢᠯᠡᠰ᠎ᠤᠨ ᠭᠧᠣᠮᠧᠲᠷᠢ ᠵᠢᠨ ᠲᠠᠰ᠎ᠤᠨ ᠨᠡᠮᠡᠭᠳᠡᠯ᠎ᠢ ᠵᠡᠷᠭᠡᠪᠡᠷ ᠪᠣᠶ ᠪᠣᠯᠭ᠋ᠠᠪᠠ  ᠃ ᠲᠢᠶᠧ ᠰᠢᠨ ᠰᠣᠷᠢᠨᠵᠢᠨ ᠮᠠᠲ᠋ᠧᠷᠢᠶᠠᠯ᠎ᠤᠨ ᠬᠡᠷᠡᠭ ᠮᠡᠳᠡᠭᠴᠢᠳ᠎ᠤᠨ ᠳᠠᠷᠤᠭ᠎ᠠ ᠶᠧ ᠴᠢᠶᠠᠩ ᠲᠠᠨᠢᠯᠴᠠᠭᠤᠯᠬᠤ᠎ᠳᠠᠭᠠᠨ᠂ ᠺᠣᠮᠫᠠᠨᠢ᠎ᠨᠢ ᠲᠥᠷᠥᠯ ᠵᠦᠢᠯ ᠲᠣᠭᠲᠠᠭ᠋ᠠᠬᠤ ᠪᠠᠯᠠ ᠣᠷᠣᠭᠤᠯᠤᠯᠲᠠ ᠵᠢ ᠬᠣᠶᠠᠷ ᠬᠤᠭᠤᠴᠠᠭ᠎ᠠ ᠬᠤᠪᠢᠶᠠᠨ ᠳᠥᠷᠪᠡᠨ ᠵᠤᠷᠪᠤᠰ 《ᠲᠡᠮᠦᠷ ᠬᠠᠢ᠌ᠷᠰᠤ》᠎ᠪᠠᠷ ᠲᠦᠭᠦᠬᠡᠶ ᠮᠠᠲ᠋ᠧᠷᠢᠶᠠᠯ ᠪᠣᠯᠭ᠋ᠠᠭᠰᠠᠨ ᠰᠲᠷᠤᠨᠲ ᠲᠡᠮᠦᠷ᠎ᠤᠨ ᠬᠦᠴᠢᠯᠲᠥ᠋ᠷᠥᠭᠴᠢ ᠵᠢᠨ ᠤᠷᠢᠳᠴᠢᠯᠠᠨ ᠰᠢᠲᠠᠭ᠋ᠠᠬᠤ ᠮᠠᠲ᠋ᠧᠷᠢᠶᠠᠯ᠎ᠤᠨ ᠦᠢᠯᠡᠳᠪᠦᠷᠢᠯᠡᠯ᠎ᠤᠨ ᠱᠤᠭᠤᠮ᠎ᠢ ᠪᠠᠢ᠌ᠭᠤᠯᠵᠤ᠂ 7 ᠲᠦᠮᠡᠨ ᠲᠣᠨ ᠦᠢᠯᠡᠳᠪᠦᠷᠢᠯᠡᠬᠦ ᠴᠢᠳᠠᠪᠤᠷᠢ ᠵᠢᠨ ᠬᠡᠪᠴᠢᠶ᠎ᠡ ᠪᠣᠯᠭ᠋ᠠᠨ ᠥᠷᠭᠡᠳᠬᠡᠵᠦ᠂ ᠵᠢᠱ᠌ᠢᠯᠲᠡ᠎ᠪᠠᠷ ᠦᠢᠯᠡᠳᠬᠦᠨ᠎ᠤ ᠥᠷᠲᠡᠭ᠎ᠨᠢ 3 ᠳ᠋ᠦᠩᠰᠢᠭᠤᠷ ᠲᠥᠭᠥᠷᠢᠭ᠎ᠢ ᠳᠠᠪᠠᠵᠤ᠂ ᠦᠢᠯᠡᠳᠪᠦᠷᠢᠯᠡᠬᠦ ᠪᠠᠷᠢᠮᠵᠢᠶ᠎ᠠ᠎ᠳᠤ ᠬᠦᠷᠦᠭᠰᠡᠨ᠎ᠤ ᠳᠠᠷᠠᠭ᠎ᠠ᠂ ᠠᠵᠢᠯ ᠲᠥᠷᠥᠯ᠎ᠤᠨ ᠵᠶ᠋ᠡᠨ ᠲᠦᠷᠦᠭᠦᠦ ᠲᠠᠪᠤᠨ ᠨᠡᠷᠡᠰ᠎ᠲᠤ ᠣᠷᠣᠵᠤ ᠪᠣᠯᠤᠨ᠎ᠠ ᠭᠡᠵᠡᠶ  ᠃
      ᠡᠮᠦᠨᠡᠬᠢ ᠬᠤᠭᠤᠴᠠᠭ᠋ᠠᠨ᠎ᠤ ᠦᠢᠯᠡᠳᠬᠦᠨ᠎ᠤ ᠬᠠᠩᠭ᠋ᠠᠯᠭ᠎ᠠ ᠵᠢᠨ ᠶᠠᠪᠤᠴᠠ᠎ᠳᠤ᠂ ᠲᠢᠶᠧ ᠰᠢᠨ ᠰᠣᠷᠢᠨᠵᠢᠨ ᠮᠠᠲ᠋ᠧᠷᠢᠶᠠᠯ᠎ᠨᠢ ᠳᠣᠤᠷᠠᠳᠤ ᠤᠷᠤᠰᠬᠠᠯ᠎ᠤᠨ ᠬᠡᠷᠡᠭᠯᠡᠭᠴᠢᠳ᠎ᠤᠨ ᠭᠦᠢᠴᠡᠳ ᠵᠥᠪᠰᠢᠶᠡᠷᠡᠯ᠎ᠢ ᠣᠯᠤᠭᠰᠠᠨ᠎ᠤ ᠬᠠᠮᠲᠤ ᠪᠠᠰᠠ ᠰᠠᠢ᠌ᠨ ᠰᠠᠢ᠌ᠬᠠᠨ ᠬᠠᠮᠲᠤᠷᠠᠯᠴᠠᠭ᠋ᠠᠨ᠎ᠤ ᠬᠠᠷᠢᠴᠠᠭ᠎ᠠ ᠪᠠᠢ᠌ᠭᠤᠯᠪᠠ  ᠃ ᠢᠷᠡᠭᠡᠳᠦᠶ᠎ᠳᠤ᠂ ᠪᠤᠭᠤᠲᠤ ᠬᠣᠲᠠ ᠵᠢᠨ 《ᠳᠡᠯᠡᠬᠡᠶ ᠳᠡᠭᠡᠷᠡᠬᠢ ᠬᠠᠮᠤᠭ᠎ᠤᠨ ᠨᠥᠯᠥᠭᠡᠯᠡᠬᠦ ᠬᠦᠴᠦᠨ᠎ᠲᠠᠢ ᠰᠣᠷᠢᠨᠵᠢᠨ ᠬᠥᠨᠳᠡᠶ》 ᠵᠢ ᠴᠣᠭᠴᠠᠯᠠᠬᠤ᠎ᠳᠤ ᠲᠦᠰᠢᠭᠯᠡᠨ᠂ ᠪᠤᠭᠤᠲᠤ ᠵᠢᠨ ᠪᠣᠯᠣᠳ ᠲᠡᠮᠦᠷ᠎ᠤᠨ ᠪᠦᠯᠦᠭᠯᠡᠯ᠎ᠤᠨ ᠬᠦᠴᠦᠷᠬᠡᠭ ᠶᠡᠬᠡ ᠡᠬᠢ ᠪᠠᠶᠠᠯᠢᠭ ᠪᠠ ᠮᠡᠷᠭᠡᠵᠢᠯ᠎ᠤᠨ ᠳᠠᠪᠠᠭᠤᠯᠢᠭ᠎ᠲᠤ ᠲᠦᠰᠢᠭᠯᠡᠨ᠂ 《ᠲᠡᠮᠦᠷ ᠬᠠ᠊》 ᠵᠶ᠋ᠠᠷ ᠲᠦᠭᠦᠬᠡᠶ ᠮᠠᠲ᠋ᠧᠷᠢᠶᠠᠯ ᠪᠣᠯᠭ᠋ᠠᠨ ᠲᠣᠭᠲᠠᠮᠠᠯ ᠰᠣᠷᠢᠨᠵᠢᠨ ᠲᠡᠮᠦᠷ᠎ᠤᠨ ᠬᠦᠴᠢᠯᠲᠥ᠋ᠷᠥᠭᠴᠢ ᠪᠡᠶ᠎ᠡ ᠵᠢ ᠦᠢᠯᠡᠳᠪᠦᠷᠢᠯᠡᠵᠦ᠂ ᠦᠨ᠎ᠡ ᠬᠠᠩᠰᠢ ᠵᠢᠨ ᠳᠠᠪᠠᠭᠤᠯᠢᠭ ᠢᠯᠡᠷᠬᠡᠶ᠂ ᠪᠦᠬᠦᠯᠢ ᠴᠣᠭᠴᠠ ᠵᠢᠨ ᠵᠠᠬ᠎ᠠ ᠳᠡᠯᠭᠡᠭᠦᠷ᠎ᠤᠨ ᠢᠷᠡᠭᠡᠳᠦᠶ ᠯᠤᠲᠤ ᠶᠡᠬᠡ ᠪᠠᠢ᠌ᠵᠤ᠂ ᠰᠠᠢ᠌ᠨ ᠰᠠᠢ᠌ᠬᠠᠨ ᠠᠵᠤ ᠠᠬᠤᠶ ᠵᠢᠨ ᠦᠷ᠎ᠡ ᠠᠰᠢᠭ ᠤᠯᠬᠤ ᠵᠢᠨ ᠬᠠᠮᠲᠤ᠂ ᠪᠤᠭᠤᠲᠤ ᠵᠢᠨ ᠪᠣᠯᠣᠳ ᠲᠡᠮᠦᠷ᠎ᠤᠨ ᠪᠦᠯᠦᠭᠯᠡᠯ᠎ᠤᠨ ᠪᠣᠬᠢᠷᠲᠤᠯ ᠥᠬᠡᠶ ᠣᠷᠴᠢᠯ ᠠᠵᠤ ᠠᠬᠤᠶ ᠵᠢᠨ ᠠᠵᠤ ᠦᠢᠯᠡᠰ᠎ᠤᠨ ᠦᠷᠭᠦᠯᠵᠢᠯᠡᠨ ᠡᠷᠡᠭᠦᠯ ᠵᠶ᠋ᠡᠷ ᠬᠥᠭᠵᠢᠬᠦ ᠵᠢ ᠬᠦᠴᠦᠲᠡᠶ ᠠᠬᠢᠭᠤᠯᠬᠤ ᠪᠣᠯᠤᠨ᠎ᠠ  ᠃

ᠢᠷᠡᠯᠲᠡ᠄ ᠪᠤᠭᠤᠲᠤ ᠵᠢᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
2022 ᠣᠨ᠎ᠳᠤ ᠣᠷᠳᠣᠰ ᠬᠣᠲᠠ ᠵᠢᠨ ᠰᠤᠳᠤᠯᠤᠨ ᠨᠡᠭᠡᠭᠡᠬᠦ ᠪᠠᠯᠠ ᠣᠷᠣᠭᠤᠯᠤᠯᠲᠠ 80 ᠳ᠋ᠦᠩᠰᠢᠭᠤᠷ ᠰᠢᠬᠠᠮ ᠲᠥᠭᠥᠷᠢᠭ ᠬᠦᠷᠴᠡᠶ
 
            
Baidu
map